ᠡᠷᠡᠭᠳᠡᠶᠢᠴᠣᠳ ᠤᠨ ᠬᠦᠬᠦᠷ ᠳᠠᠯᠢᠩ ᠵᠡᠬᠦᠬᠦ ᠶᠣᠰᠣᠨ
ᠨᠡᠶᠢᠲᠡᠯᠡᠭᠰᠡᠨ ᠴᠠᠭ᠄
2019-03-26
     ᠬᠦᠬᠦᠣᠷ ᠳᠠᠯᠢᠩ ᠨᠢ ᠤᠯᠠᠷᠢᠵᠦ ᠭᠦᠭᠵᠢᠭᠰᠡᠭᠡᠷ ᠮᠤᠩᠭᠤᠯᠴᠤᠳ ᠤᠨ ᠨᠡᠶᠢᠭᠡᠮ ᠤᠨ ᠬᠠᠷᠢᠴᠠᠭ᠎ᠠ ᠶᠢ ᠪᠠᠭᠢᠵᠢᠭᠦᠯᠭᠦ᠂ ᠭᠦᠨᠳᠦᠯᠡᠭᠦ ᠮᠡᠨᠳᠦᠯᠡᠭᠦ ᠵᠠᠩ ᠦᠢᠯᠡ ᠳᠤ ᠳᠤᠳᠠᠭᠳᠠᠵᠦ ᠪᠤᠯᠤᠰᠢ ᠦᠭᠡᠢ ᠡᠳ᠋ᠯᠡᠯ ᠭᠡᠷᠡᠭᠰᠡᠯ ᠪᠤᠯᠵᠠᠢ᠃ ᠭᠦᠭᠦᠤᠷ ᠤᠨ ᠳᠠᠯᠢᠩ ᠳᠤ ᠡ᠊ᠩ ᠤᠨ ᠳᠠᠯᠢᠩ ᠪᠠ ᠵᠠᠰᠠᠯ ᠤᠨ ᠳᠠᠯᠢᠩ ᠭᠡᠵᠦ ᠪᠠᠶᠢᠳᠠᠭ ᠪᠦᠭᠡᠳ ᠭᠦᠭᠦᠤᠷ ᠨᠢ ᠴᠤ ᠮᠦᠨ ᠨᠠᠰᠤ ᠦᠶ᠎ᠠ ᠳᠡᠭᠡᠨ ᠵᠤᠭᠢᠴᠠᠭᠰᠠᠨ ᠠᠳᠠᠯᠢ ᠪᠤᠰᠤ ᠭᠡᠯᠪᠡᠷᠢ ᠪᠠ ᠠᠳᠠᠯᠢ ᠪᠤᠰᠤ ᠭᠢᠴᠡᠳᠡᠢ ᠪᠠᠶᠢᠳᠠᠭ᠃ ᠨᠠᠰᠤᠳᠠᠶᠢᠴᠤᠳ ᠬᠠᠷ᠎ᠠ ᠬᠤᠷᠭᠤᠢ ᠪᠠᠷ ᠭᠦᠪᠡᠭᠡᠯᠡᠵᠦ ᠴᠢᠮᠡᠭᠰᠡᠨ ᠭᠦᠭᠡ᠂ ᠭᠦᠷᠡᠩ᠂ ᠬᠠᠷ᠎ᠠ᠂ ᠨᠤᠭᠤᠭᠠᠨ ᠦᠩᠭᠡ ᠶᠢᠨ ᠳᠤᠷᠭ᠎ᠠ ᠪᠠᠷ ᠭᠢᠭᠰᠡᠨ ᠳᠠᠯᠢᠩ ᠪᠤᠶᠤ ᠮᠦᠩᠭᠦᠨ ᠴᠢᠮᠭᠢᠷᠢᠳᠤ ᠪᠤᠯᠢᠭᠠᠷᠢᠨ ᠳᠠᠯᠢᠩ᠂ ᠢᠯᠭᠢᠨ ᠳᠠᠯᠢᠩ ᠢ ᠵᠡᠭᠦᠨ ᠳᠠᠰᠢᠶᠠᠨ ᠳᠠᠭᠠᠨ ᠵᠡᠭᠦᠵᠦ᠂ ᠳᠤᠳᠤᠷ᠎ᠠ ᠨᠢ ᠬᠤᠵᠤᠤᠯ᠎ᠠ᠂ ᠦᠭᠡᠷ ᠤᠨ ᠡᠪᠡᠷ ᠪᠤᠶᠤ ᠮᠠᠨᠤᠬᠤ ᠪᠠᠷ ᠭᠢᠭᠰᠡᠨ ᠭᠦᠭᠦᠤᠷ ᠰᠠᠪᠠᠯᠠᠳᠠᠭ᠃ ᠵᠠᠯᠠᠭᠤ ᠢᠳᠡᠷᠴᠤᠳ ᠠᠯᠳᠠ ᠮᠦᠩᠭᠦᠨ ᠫᠦᠰᠡᠳᠡᠢ ᠤᠯᠠᠭᠠᠨ᠂ ᠨᠤᠭᠤᠭᠠᠨ ᠳᠤᠷᠭ᠎ᠠ ᠪᠤᠶᠤ ᠰᠠ ᠲᠠᠢ ᠴᠡᠩᠭᠡᠷ ᠳᠤᠷᠭ᠎ᠠ ᠪᠠᠷ ᠭᠢᠭᠰᠡᠨ᠂ ᠦᠩᠭᠡ ᠪᠦᠷᠢ ᠶᠢᠨ ᠬᠤᠷᠭᠤᠢ᠂ ᠠᠯᠳᠠ ᠮᠦᠩᠭᠦᠨ ᠤᠳᠠᠰᠤ ᠪᠠᠷ ᠡᠮᠵᠢᠶᠡᠷᠢᠯᠡᠵᠦ ᠴᠢᠮᠡᠭᠰᠡᠨ ᠳᠠᠯᠢᠩ ᠭᠡᠷᠡᠭᠯᠡᠳᠡᠭ ᠪᠦᠭᠡᠳ ᠳᠤᠳᠤᠷ᠎ᠠ ᠨᠢ ᠱᠠᠵᠠᠩ ᠪᠤᠶᠤ ᠪᠤᠯᠤᠷ ᠢᠶᠠᠷ ᠭᠢᠭᠰᠡᠨ ᠭᠦᠭᠦᠤᠷ ᠰᠠᠪᠠᠯᠠᠳᠠᠭ᠃ ᠵᠠᠷᠢᠮ ᠬᠤᠰᠢᠭᠤ ᠨᠤᠳᠤᠭ ᠲᠤ ᠵᠠᠯᠠᠭᠤᠴᠤᠳ ᠴᠡᠴᠡᠭ ᠨᠠᠪᠴᠢ ᠪᠠᠷ ᠴᠢᠮᠡᠵᠦ ᠬᠠᠳᠬᠤᠮᠠᠯᠯᠠᠨ ᠬᠤᠷᠭᠤᠢ ᠵᠠᠰᠠᠯ ᠢᠶᠠᠷ ᠭᠦᠪᠡᠭᠡᠯᠡᠭᠰᠡᠨ ᠳᠠᠯᠢᠩ ᠵᠡᠭᠦᠵᠤ᠂ ᠳᠤᠳᠤᠷ᠎ᠠ ᠨᠢ ᠱᠢᠷᠦᠨ ᠰᠢᠭᠢᠳᠭᠡᠷᠢᠳᠤ ᠳᠠᠭ ᠲᠠᠢ ᠬᠠᠰ᠂ ᠤᠭ᠍ᠶᠤ ᠭᠦᠭᠦᠤᠷ ᠰᠠᠪᠠᠯᠠᠵᠦ᠂ ᠦᠶ᠎ᠠ ᠵᠡᠷᠭᠡ ᠶᠢᠨ ᠭᠦᠮᠦᠰ ᠲᠠᠢ ᠪᠠᠨ ᠠᠭᠤᠯᠵᠠᠬᠤ ᠦᠶ᠎ᠠ ᠳᠤ ᠭᠦᠭᠦᠤᠷ ᠰᠤᠯᠢᠯᠴᠠᠳᠠᠭ᠃ ᠤᠷᠢᠳᠤ ᠶᠡᠭᠡᠰ ᠨᠤᠶᠠᠳ᠂ ᠭᠡᠭᠡᠨ ᠬᠤᠳᠤᠭᠳᠤ ᠨᠠᠷ ᠪᠤᠯ ᠤᠯᠠᠭᠠᠨ᠂ ᠰᠢᠷ᠎ᠠ᠂ ᠭᠦᠷᠡᠩ ᠦᠩᠭᠡ ᠶᠢᠨ ᠳᠠᠵᠢ ᠮᠠᠩᠨᠤᠭ᠂ ᠵᠠᠩᠳᠤᠸᠠᠨ᠂ ᠬᠤᠷᠭᠤᠢ᠂ ᠵᠠᠰᠠᠷ ᠢᠶᠠᠷ ᠭᠢᠵᠦ᠂ ᠦᠩᠭᠡ ᠪᠦᠷᠢ ᠶᠢᠨ ᠬᠤᠷᠭᠤᠢ ᠵᠠᠰᠠᠷ ᠢᠶᠠᠷ ᠦᠷᠭᠡᠨ ᠡᠮᠵᠢᠵᠦ ᠭᠦᠪᠡᠭᠡᠯᠡᠭᠰᠡᠨ ᠳᠠᠯᠢᠩ ᠵᠡᠭᠦᠵᠤ᠂ ᠳᠤᠳᠤᠷ᠎ᠠ ᠨᠢ ᠱᠢᠷᠤ᠂ ᠤᠨᠳᠤᠷᠭ᠎ᠠ ᠶᠢᠨ ᠰᠢᠭᠢᠳᠭᠡᠷᠢᠳᠤ ᠳᠠᠭ ᠲᠠᠢ ᠤᠯᠠᠭᠠᠨ ᠮᠠᠨᠤᠬᠤ᠂ ᠨᠤᠭᠤᠭᠠᠨ ᠬᠠᠰ ᠤᠨ ᠳᠤᠮᠤ ᠭᠦᠭᠦᠤᠷ ᠰᠠᠪᠠᠯᠠᠳᠠᠭ᠃ ᠮᠤᠩᠭᠤᠯᠴᠤᠳ ᠭᠦᠭᠦᠤᠷ ᠰᠤᠯᠢᠯᠴᠠᠨ ᠮᠡᠨᠳᠦᠯᠡᠭᠦ ᠳᠤ ᠨᠠᠰᠤ ᠵᠢᠯ᠂ ᠦᠶ᠎ᠠ ᠵᠡᠷᠭᠡ ᠪᠠ ᠪᠠᠶᠢᠷᠢ ᠰᠠᠭᠤᠷᠢ ᠶᠢᠨ ᠢᠯᠭᠠᠯ ᠲᠠᠢ ᠪᠠᠶᠢᠳᠠᠭ᠃ ᠨᠠᠰᠤ ᠳᠡᠭᠦᠤᠮᠡᠳ ᠪᠤᠶᠤ ᠭᠡᠦᠭᠡᠳ ᠦᠶ᠎ᠠ ᠲᠠᠢ ᠭᠦᠮᠦᠰ ᠤᠷᠢᠳ ᠢᠶᠠᠷ ᠭᠦᠭᠦᠤᠷ ᠢᠶᠠᠨ ᠭᠠᠷᠭᠠᠵᠦ ᠳᠠᠭ ᠢ ᠨᠢ ᠰᠤᠯᠠᠳᠬᠠᠨ ᠠᠬᠠᠮᠠᠳ ᠭᠦᠮᠦᠨ ᠳᠤ ᠰᠦᠭᠦᠷᠡᠨ ᠪᠠᠷᠢᠭᠠᠳ ᠳᠠᠷᠠᠭ᠎ᠠ ᠨᠢ ᠠᠬᠠᠮᠠᠳ ᠭᠦᠮᠦᠨ ᠤ ᠦᠭᠭᠦ ᠭᠦᠭᠦᠤᠷ ᠢ ᠰᠦᠭᠦᠷᠡᠨ ᠳᠤᠰᠴᠤ ᠬᠠᠮᠠᠷ ᠲᠠᠭᠠᠨ ᠭᠦᠷᠭᠡᠵᠦ ᠳᠠᠳᠠᠰᠭᠢᠭᠡᠳ ᠰᠦᠭᠦᠷᠡᠨ ᠪᠤᠴᠠᠭᠠᠵᠦ᠂ ᠦᠪᠠᠷ ᠤᠨ ᠭᠦᠭᠦᠤᠷ ᠢᠶᠠᠨ ᠳᠤᠰᠴᠤ ᠠᠪᠳᠠᠭ᠃ ᠦᠶ᠎ᠠ ᠵᠡᠷᠭᠡ ᠶᠢᠨ ᠭᠦᠮᠦᠰ ᠪᠤᠯ ᠪᠠᠷᠠᠭᠤᠨ ᠭᠠᠷ ᠤᠨ ᠠᠯᠠᠭᠠᠨ ᠳᠡᠭᠡᠷ᠎ᠠ ᠭᠦᠭᠦᠤᠷ ᠭᠤᠯᠭᠤᠭᠤᠯᠤᠨ ᠰᠤᠯᠢᠯᠴᠠᠵᠦ ᠮᠡᠨᠳᠦᠯᠡᠳᠡᠭ᠃ ᠨᠠᠰᠤ ᠳᠡᠭᠦᠤ᠂ ᠦᠶ᠎ᠠ ᠳᠤᠤᠷ᠎ᠠ ᠭᠦᠮᠦᠰ ᠠᠬᠠᠮᠠᠳ ᠭᠦᠮᠦᠰ ᠲᠠᠢ ᠴᠢᠷᠠᠢ ᠮᠠᠭᠤᠳᠠᠯᠴᠠᠵᠦ ᠶᠤᠰᠤ ᠠᠯᠳᠠᠭᠰᠠᠨ ᠪᠤᠯ ᠦᠪᠠᠷ ᠤᠨ ᠭᠦᠭᠦᠤᠷ ᠢᠶᠠᠨ ᠭᠠᠷᠭᠠᠵᠦ ᠰᠦᠭᠦᠷᠡᠨ ᠪᠠᠷᠢᠭᠠᠳ ᠪᠤᠷᠤᠭᠤ ᠭᠦᠯᠢᠶᠡᠳᠡᠭ᠃ ᠡᠨᠡ ᠦᠶ᠎ᠠ ᠳᠤ ᠠᠬᠠᠮᠠᠳ ᠭᠦᠮᠦᠰ ᠭᠦᠭᠦᠤᠷ ᠢ ᠨᠢ ᠢᠨᠢᠶᠡᠮᠰᠦᠭᠯᠡᠨ ᠳᠤᠰᠴᠤ ᠠᠪᠤᠭᠠᠳ ᠦᠷᠦᠰᠢᠶᠠᠨ ᠳᠤᠬᠤᠷᠤᠭᠤᠯᠬᠤ ᠦᠭᠡ ᠭᠡᠯᠡᠳᠡᠭ᠃ ᠦᠶ᠎ᠠ ᠵᠡᠷᠭᠡ ᠶᠢᠨ ᠭᠦᠮᠦᠰ ᠡᠶ᠎ᠡ ᠡᠪᠳᠠᠷᠡᠭᠰᠡᠨ ᠪᠤᠯ ᠬᠠᠷᠢᠯᠴᠠᠨ ᠭᠦᠭᠦᠤᠷ ᠰᠤᠯᠢᠯᠴᠠᠵᠦ ᠡᠶ᠎ᠡ ᠡᠪ ᠲᠠᠢ ᠪᠤᠯᠳᠠᠭ᠃ ᠭᠦᠭᠦᠤᠷ ᠪᠠᠷᠢᠬᠤ ᠦᠶ᠎ᠠ ᠳᠤ ᠡᠮᠦᠰᠴᠤ ᠵᠡᠭᠦᠭᠰᠡᠨ ᠢᠶᠠᠨ ᠵᠠᠪᠠᠯ ᠳᠠᠷᠢ ᠳᠡᠭᠰᠢ ᠪᠠᠶᠢᠯᠭᠠᠳᠠᠭ᠃ ᠮᠠᠯᠠᠭᠠᠢ ᠬᠠᠵᠠᠭᠠᠢ᠂ ᠡᠩᠭᠡᠷ ᠵᠠᠳᠠᠭᠠᠢ᠂ ᠬᠠᠨᠴᠤᠢ ᠰᠢᠮᠠᠯᠠᠬᠤ᠂ ᠳᠤᠷᠤᠭᠤ ᠪᠠᠨ ᠪᠠᠭᠤᠯᠭᠠᠭᠰᠠᠨ ᠭᠡᠪ ᠢᠶᠠᠷ ᠪᠤᠰᠤᠳ ᠲᠤ ᠭᠦᠭᠦᠤᠷ ᠪᠠᠷᠢᠵᠦ ᠪᠤᠯᠳᠠᠭ ᠦᠭᠡᠢ᠃ ᠭᠦᠭᠦᠤᠷ ᠳᠠᠯᠢᠩ ᠢ ᠭᠠᠵᠠᠷ ᠳᠠᠯᠪᠢᠬᠤ᠂ ᠳᠡᠭᠡᠭᠦᠷ ᠨᠢ ᠠᠯᠬᠤᠬᠤ ᠪᠤᠶᠤ ᠭᠢᠰᠭᠢᠭᠦ ᠠᠴᠠ ᠤᠨᠴᠠ ᠴᠡᠭᠡᠷᠯᠡᠳᠡᠭ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号