ᠣᠶᠢᠷ᠎ᠠ ᠶᠢᠨ ᠡᠳᠣᠷ ᠬᠤᠰᠢᠭᠤ ᠰᠣᠷᠭᠠᠨ ᠬᠦᠮᠦᠵᠢᠯ ᠪᠠᠶ᠎ᠡ ᠲᠠᠮᠢᠷ ᠶᠢᠨ ᠲᠤᠪᠴᠢᠶ᠎ᠠ᠂ ᠦᠨᠳᠤᠰᠤᠳᠡᠨ ᠤ ᠭᠡᠷᠡᠭ | ᠡᠷᠭᠢᠯᠡᠭᠦ ᠵᠦᠪᠯᠡᠯ ᠠᠴᠠ ᠡᠷᠬᠢᠯᠡᠭᠰᠡᠨ ᠪᠦᠬᠦ ᠬᠤᠰᠢᠭᠤᠨ ᠤ ᠠᠩᠬᠠᠳᠤᠭᠠᠷ ᠤᠳᠠᠭᠠᠨ ᠤ ᠮᠤᠩᠭᠤᠯ ᠬᠡᠯᠡᠨ ᠤ ᠬᠢᠴᠢᠶᠡᠯᠯᠡᠭᠴᠢ | ᠪᠠᠭᠰᠢ ᠨᠠᠷ ᠤᠨ ᠵᠦᠪ ᠪᠢᠴᠢᠯᠭᠡ ᠶᠢᠨ ᠣᠷᠣᠯᠳᠣᠭᠠᠨ ᠠᠮᠵᠢᠯᠳᠡ ᠲᠠᠢ ᠶᠠᠪᠤᠭᠳᠠᠪᠠ᠃ | ᠬᠤᠶᠠᠷ ᠡᠳᠦᠷ ᠤᠨ ᠬᠤᠭᠤᠴᠠᠭ᠎ᠠ ᠲᠠᠢ ᠶᠠᠪᠤᠭᠳᠠᠭᠰᠠᠨ ᠡᠨ᠋ᠨ ᠣᠳᠠᠭᠠᠨ ᠤ ᠣᠷᠣᠯᠳᠣᠭᠠᠨ ᠢ ᠪᠠᠭ᠎ᠠ ᠰᠣᠷᠭᠠᠭᠤᠯᠢ᠂ | ᠲᠣᠮᠳᠠᠳᠣ ᠰᠣᠷᠭᠠᠭᠤᠯᠢ ᠬᠡᠬᠦ ᠬᠤᠶᠠᠷ ᠳᠣᠭᠤᠶᠢᠯᠠᠩ ᠬᠤᠪᠢᠶᠠᠨ ᠰᠢᠩᠭᠡᠭᠡᠯᠲᠡ ᠰᠣᠨᠣᠰᠴᠣ ᠲᠠᠩ ᠦᠬᠡᠰ ᠪᠣᠯᠣᠨ ᠬᠤᠯᠪᠤᠭ᠎ᠠ | ᠦᠬᠡ ᠰᠣᠨᠣᠰᠴᠣ ᠪᠢᠴᠢᠬᠦ᠂ ᠦᠭᠬᠦᠭᠳᠡᠭᠰᠡᠨ ᠭᠡᠰᠡᠭᠯᠡᠯ ᠠᠴᠠ ᠪᠤᠷᠤᠭᠤ ᠬᠡᠷᠡᠭᠯᠡᠭᠰᠡᠨ ᠲᠡᠶᠢᠨ ᠢᠯᠭᠠᠯ ᠤᠨ ᠳᠠᠭᠠᠪᠣᠷᠢ᠂ | ᠲᠠᠰᠢᠶ᠎ᠠ ᠦᠰᠦᠭ ᠢ ᠡᠷᠢᠨ ᠭᠠᠷᠭᠠᠵᠦ ᠵᠠᠯᠠᠷᠠᠭᠤᠯᠬᠤ ᠵᠡᠷᠭᠡ ᠳᠠᠪᠠᠭ᠎ᠠ ᠬᠤᠪᠢᠶᠠᠨ ᠶᠠᠪᠤᠭᠳᠠᠭᠤᠯᠵᠤ 60 ᠭᠠᠷᠣᠢ ᠪᠠᠭᠰᠢ | ᠣᠷᠣᠯᠴᠠᠭᠰᠠᠨ ᠪᠠᠶᠢᠨ᠎ᠠ᠃ | ᠣᠷᠣᠯᠳᠣᠭᠠᠨ ᠳᠤ ᠣᠷᠣᠯᠴᠠᠭᠴᠢ ᠪᠠᠭᠰᠢ ᠪᠤᠯᠤᠷ᠄ ︽ᠦᠬᠡ ᠬᠡᠯᠡ ᠦᠰᠦᠭ ᠪᠢᠴᠢᠭ ᠢᠶᠠᠨ ᠵᠦᠪ ᠬᠡᠷᠡᠭᠯᠡᠵᠦ | ᠪᠢᠴᠢᠵᠦ ᠰᠣᠷᠬᠤ ᠪᠤᠯ ᠣᠳᠣ ᠨᠡᠶᠢᠭᠡᠮ ᠳᠠᠶᠠᠭᠠᠷ ᠤᠨ ᠬᠦᠨᠳᠣᠳᠬᠡᠨ ᠦᠵᠡᠵᠦ ᠪᠠᠶᠢᠭ᠎ᠠ ᠠᠰᠠᠭᠤᠳᠠᠯ ᠮᠦᠨ᠃ ᠥᠨᠥᠳᠦᠷ | ᠪᠦᠬᠦ ᠬᠤᠰᠢᠭᠤᠨ ᠤ ᠬᠡᠯᠡ ᠪᠢᠴᠢᠭ ᠤᠨ ᠪᠠᠭᠰᠢ ᠨᠠᠷ ᠤᠨ ᠵᠦᠪ ᠪᠢᠴᠢᠯᠭᠡ ᠶᠢᠨ ᠣᠷᠣᠯᠳᠣᠭᠠᠨ ᠳᠤ ᠤᠷᠤᠯᠴᠠᠬᠤ ᠪᠠᠷ | ᠳᠠᠮᠵᠢᠭᠠᠳ ᠨᠢᠭᠡ ᠵᠠᠯᠠᠭᠤ ᠪᠠᠭᠰᠢ ᠪᠤᠯᠤᠭᠰᠠᠨ ᠤ ᠬᠤᠪᠢ ᠳᠤ ᠦᠪᠡᠷ ᠢ ᠪᠠᠨ ᠲᠡᠭᠦᠯᠳᠡᠷᠵᠢᠬᠦᠯᠵᠦ ᠴᠢᠨᠠᠭᠰᠢᠯᠠᠨ ᠰᠣᠷᠣᠭᠴᠢ | ᠳᠠᠭᠠᠨ ᠭᠡᠪ ᠳᠠᠭᠤᠷᠢᠶᠠᠯ ᠪᠤᠯᠵᠤ ᠴᠢᠳᠠᠭᠰᠠᠨ ᠭᠡᠵᠤ ᠪᠤᠳᠤᠵᠤ ᠪᠠᠶᠢᠨ᠎ᠠ᠃ ᠬᠤᠵᠢᠮ ᠡᠶᠢᠮᠦᠷᠬᠦ ᠠᠵᠢᠯᠯᠠᠭ᠎ᠠ ᠳᠤ ᠤᠯᠠᠨ | ᠤᠷᠤᠯᠴᠠᠵᠤ ᠨᠡᠩ ᠠᠷᠪᠢᠨ ᠪᠠᠭᠰᠢ ᠨᠠᠷ ᠢ ᠣᠷᠢᠶᠠᠯᠠᠨ ᠳᠠᠶᠢᠴᠢᠯᠠᠵᠦ ᠡᠬᠡ ᠬᠡᠯᠡᠨ ᠤ ᠵᠢᠭᠠᠨ ᠰᠣᠷᠭᠠᠯᠲᠠ᠂ ᠦᠨᠳᠦᠰᠦᠳᠡᠨ | ᠤ ᠰᠣᠷᠭᠠᠨ ᠬᠦᠮᠦᠵᠢᠯ ᠤᠨ ᠲᠦᠯᠦᠭᠡ ᠴᠢᠷᠮᠠᠶᠢᠨ ᠵᠢᠳᠬᠦᠨ᠎ᠡ︾ ᠭᠡᠵᠤ ᠶᠠᠷᠢᠵᠤ ᠪᠠᠶᠢᠯ᠎ᠠ᠃ | ᠤᠷᠤᠯᠳᠤᠭᠠᠨ ᠢᠶᠠᠷ ᠲᠠᠮᠵᠢᠨ ᠮᠠᠨ ᠤ ᠬᠤᠰᠢᠭᠤᠨ ᠤ ᠳᠣᠮᠳᠠᠳᠣ ᠪᠠᠭ᠎ᠠ ᠰᠣᠷᠭᠠᠭᠤᠯᠢ ᠶᠢᠨ ᠬᠡᠯᠡ ᠪᠢᠴᠢᠭ ᠤᠨ | ᠪᠠᠭᠰᠢ ᠨᠠᠷ ᠤᠨ ᠬᠡᠯᠡ ᠪᠢᠴᠢᠭ ᠤᠨ ᠦᠨᠳᠦᠰᠦᠨ ᠭᠡᠪ ᠪᠤᠯᠪᠠᠰᠣᠷᠠᠯ ᠢ ᠤᠯᠠᠮ ᠨᠢᠭᠡ ᠠᠯᠬᠤᠮ ᠳᠡᠭᠡᠭᠰᠢᠯᠡᠬᠦᠯᠵᠦ | ᠦᠨᠳᠦᠰᠦᠳᠡᠨ ᠤ ᠪᠠᠨ ᠦᠬᠡ ᠬᠡᠯᠡ ᠦᠰᠦᠭ ᠪᠢᠴᠢᠭ ᠢᠶᠠᠨ ᠲᠦᠷᠢᠮᠵᠢᠬᠦᠨ ᠰᠣᠷᠴᠣ ᠬᠡᠷᠡᠭᠯᠡᠵᠦ ᠬᠤᠶᠢᠴᠢ ᠦᠶ᠎ᠡ ᠶᠢᠨ ᠬᠢᠨ | ᠳᠡᠭᠡᠨ ᠨᠠᠩ ᠰᠠᠶᠢᠨ ᠣᠯᠠᠮᠵᠢᠯᠠᠨ ᠰᠣᠷᠭᠠᠬᠤ ᠤᠬᠠᠮᠰᠠᠷ᠂ ᠬᠠᠷᠢᠭᠤᠴᠠᠯᠭ᠎ᠠ᠂ ᠢᠳᠡᠪᠬᠢᠵᠢᠯ ᠲᠠᠢ ᠪᠤᠯᠭᠠᠨ ᠲᠠᠶᠢᠴᠢᠯᠠᠭᠰᠠᠨ | ᠪᠠᠶᠢᠨ᠎ᠠ᠃ |