ᠬᠤᠰᠢᠭᠤ ᠮᠣᠩᠭᠤᠯ ᠦᠨᠳᠦᠰᠦᠳᠡᠨ ᠤ ᠬᠡᠣᠬᠡᠳ ᠤᠨ ᠴᠡᠴᠡᠷᠯᠢᠭ ᠴᠢᠩᠬᠢᠰ ᠬᠠᠭᠠᠨ ᠤ ᠴᠠᠭᠠᠨ ᠰᠦᠷᠦᠭ  ᠤᠨ ᠶᠡᠭᠡ ᠳᠠᠶᠢᠯᠭ᠎ᠠ ᠶᠢ ᠲᠤᠷᠠᠰᠬᠠᠬᠤ ᠰᠤᠷᠭᠠᠭᠤᠯᠢ ᠶᠢᠨ ᠬᠦᠷᠢᠶᠡᠨ ᠤ ᠠᠵᠢᠯᠯᠠᠭ᠎ᠠ ᠦᠷᠨᠢᠬᠦᠯᠦᠭᠰᠡᠨ ᠪᠠᠶᠢᠨ᠎ᠠ
ᠨᠡᠶᠢᠲᠡᠯᠡᠭᠰᠡᠨ ᠴᠠᠭ᠄
2019-04-26
     ᠰᠢᠷᠠᠭᠴᠢᠨ ᠭᠠᠭ᠋ᠠᠢ ᠵᠢᠯ ᠤᠨ ᠬᠠᠪᠣᠷ ᠤᠨ ᠣᠯᠠᠷᠢᠯ ᠤᠨ ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠪᠣᠯᠵᠣ ᠪᠠᠶᠢᠭ᠎ᠠ ᠳᠠᠰᠢᠷᠠᠮ ᠢᠶᠠᠷ 4 ᠰᠠᠷ᠎ᠠ ᠶᠢᠨ 24 ᠤ ᠡᠳᠦᠷ ᠬᠤᠰᠢᠭᠤ ᠮᠣᠩᠭᠤᠯ ᠦᠨᠳᠦᠰᠦᠳᠡᠨ ᠤ ᠬᠡᠣᠬᠡᠳ ᠤᠨ ᠴᠡᠴᠡᠷᠯᠢᠭ ᠤᠨ ᠬᠢᠨ ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠢ ᠲᠤᠷᠠᠰᠬᠠᠬᠤ ᠰᠤᠷᠭᠠᠭᠤᠯᠢ ᠶᠢᠨ ᠬᠦᠷᠢᠶᠡᠨ ᠤ ᠵᠠᠩ ᠦᠢᠯᠡ ᠶᠢᠨ ᠠᠵᠢᠯᠯᠠᠭ᠎ᠠ ᠦᠷᠨᠢᠬᠦᠯᠦᠭᠰᠡᠨ ᠪᠠᠶᠢᠨ᠎ᠠ᠃
     ᠠᠵᠢᠯᠯᠠᠭ᠎ᠠ ᠳᠤ᠂  ᠪᠠᠭᠰᠢ ᠪᠤᠯᠤᠨ ᠭᠡᠷ ᠤᠨ ᠠᠬᠠᠮᠠᠳ ᠠᠴᠠ ᠣᠷᠳᠣᠰ ᠮᠣᠩᠭᠤᠯᠴᠣᠳ ᠤᠨ ᠰᠦᠯᠳᠡ ᠶᠢᠨ ᠰᠢᠳᠦᠬᠡᠨ ᠪᠣᠯᠣᠭᠰᠠᠨ ᠰᠠᠩ ᠤᠨ ᠰᠦᠷᠦ ᠳᠡᠭᠡᠨ ᠰᠠᠩ ᠲᠠᠯᠪᠢᠨ ᠳᠣᠩ ᠳᠠᠳᠠᠵᠣ᠂ ︽ᠡᠵᠡᠨ ᠰᠠᠩ︾  ᠣᠩᠰᠢᠨ ᠡᠩᠬᠡ ᠠᠮᠣᠷ ᠦᠨᠢᠷ ᠵᠢᠷᠭᠠᠯ ᠢᠶᠠᠨ ᠳᠠᠭᠠᠳᠬᠠᠨ ᠮᠦᠷᠬᠦᠵᠦ ᠬᠡᠶᠢᠮᠦᠷᠢ ᠯᠦᠩᠴᠢᠳ ᠬᠡᠶᠢᠰᠬᠡᠵᠦ ᠰᠠᠩ ᠵᠣᠯᠠ ᠡᠷᠬᠦᠬᠦ ᠶᠣᠰᠣᠨ ᠢ ᠪᠠᠭᠠᠴᠣᠳ ᠬᠡᠣᠬᠡᠳ ᠲᠤ ᠪᠡᠶᠡᠴᠢᠯᠡᠨ ᠵᠢᠭᠠᠭᠰᠠᠨ ᠪᠠᠶᠢᠨ᠎ᠠ᠃ ᠡᠬᠦᠨ ᠤ ᠬᠠᠮᠲᠣ ᠪᠠᠰᠠ ᠣᠪᠣᠭ᠎ᠠ ᠳᠠᠬᠢᠬᠤ ᠶᠣᠰᠣᠯᠠᠯ ᠶᠠᠪᠣᠭᠳᠠᠭᠤᠯᠵᠣ ᠣᠪᠣᠭ᠎ᠠ ᠠᠷᠢᠭᠤᠳᠬᠠᠬᠤ᠂ ᠰᠠᠩ ᠳᠠᠯᠪᠢᠬᠤ᠂ ᠰᠠᠩ ᠣᠩᠰᠢᠬᠤ᠂ ᠰᠠᠴᠣᠯᠢ ᠰᠠᠴᠣᠬᠤ᠂ ᠳᠠᠯᠠᠯᠭ᠎ᠠ ᠳᠠᠯᠠᠯᠬᠤ᠂ ᠣᠪᠣᠭᠠᠨ ᠳᠤ ᠡᠷᠬᠦᠯᠬᠡ ᠡᠷᠬᠦᠬᠦ᠂ ᠣᠪᠣᠭᠠᠨ ᠬᠡᠰᠢᠭ ᠲᠦᠬᠡᠬᠡᠬᠦ ᠵᠡᠷᠭᠡ ᠶᠣᠰᠣ ᠪᠦᠬᠦᠨ ᠢ ᠠᠯᠬᠤᠮ ᠳᠠᠷᠠᠭ᠎ᠠ ᠲᠠᠢ ᠬᠦᠢᠴᠡᠳᠬᠡᠵᠦ ᠪᠠᠭᠠᠴᠣᠳ ᠬᠡᠣᠬᠡᠳ ᠢ ᠤᠷᠤᠯᠴᠠᠭᠤᠯᠤᠨ ᠦᠢᠯᠡᠳᠦᠯᠬᠡᠵᠢᠬᠦᠯᠵᠦ ᠳᠣᠰ ᠣᠳᠠᠭᠠᠨ ᠤ ᠵᠠᠩ ᠦᠢᠯᠡ ᠶᠢᠨ ᠬᠦᠮᠦᠵᠢᠯ ᠤᠨ ᠠᠵᠢᠯᠯᠠᠭ᠎ᠠ ᠪᠠᠨ ᠪᠠᠶᠠᠯᠢᠭᠵᠢᠭᠤᠯᠣᠭᠰᠠᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号