ᠱᠠᠷᠯᠢᠭ ᠭᠤᠤᠯᠳᠠᠯᠭᠠᠳᠤ ᠪᠠᠭ᠎ᠠ ᠰᠤᠷᠭᠠᠭᠤᠯᠢ ᠶᠢᠨ ᠬᠡᠤᠬᠡᠳ ᠤᠨ ᠴᠡᠴᠡᠷᠯᠢᠭ ᠨᠢ ᠠᠩᠬᠠᠳᠤᠭᠠᠷ ᠤᠳᠠᠭᠠᠨ ᠤ ︽ᠵᠠᠬᠢᠷᠤᠯ ᠬᠤᠨᠳᠠᠭᠠᠳᠤ︾ ᠬᠦᠯ ᠪᠦᠮᠪᠦᠭᠡ  ᠶᠢᠨ ᠤᠷᠤᠯᠳᠤᠭᠠᠨ ᠢᠶᠠᠨ ᠠᠮᠵᠢᠯᠳᠠ ᠲᠠᠢ ᠶᠠᠪᠤᠭᠳᠠᠭᠤᠯᠤᠯ᠎ᠠ
ᠨᠡᠶᠢᠲᠡᠯᠡᠭᠰᠡᠨ ᠴᠠᠭ᠄
2019-05-28
      4 ᠰᠠᠷ᠎ᠠ ᠶᠢᠨ 17᠎ ᠤ ᠡᠳᠦᠷ ᠱᠠᠷᠯᠢᠭ ᠭᠤᠤᠯᠳᠠᠯᠭᠠᠳᠤ ᠪᠠᠭ᠎ᠠ ᠰᠤᠷᠭᠠᠭᠤᠯᠢ ᠶᠢᠨ ᠬᠡᠤᠬᠡᠳ ᠤᠨ ᠴᠡᠴᠡᠷᠯᠢᠭ ᠨᠢ ᠠᠩᠬᠠᠳᠤᠭᠠᠷ ᠤᠳᠠᠭᠠᠨ ᠤ ︽ᠵᠠᠬᠢᠷᠤᠯ ᠬᠤᠨᠳᠠᠭᠠᠳᠤ︾ ᠬᠦᠯ ᠪᠦᠮᠪᠦᠭᠡ  ᠶᠢᠨ ᠤᠷᠤᠯᠳᠤᠭᠠᠨ ᠢᠶᠠᠨ ᠠᠮᠵᠢᠯᠳᠠ ᠲᠠᠢ ᠶᠠᠪᠤᠭᠳᠠᠭᠤᠯᠤᠯ᠎ᠠ᠃
   
     ᠲᠤᠰ ᠤᠳᠠᠭᠠᠨ ᠤ ᠤᠷᠤᠯᠳᠤᠭᠠᠨ ᠳᠤ ᠨᠡᠶᠢᠳᠡ 70 ᠬᠡᠤᠬᠡᠳ ᠤᠷᠤᠯᠴᠠᠪᠠ᠃ ᠤᠷᠤᠯᠳᠤᠭᠠᠨ ᠳᠤ ᠬᠡᠤᠬᠡᠳ ᠎ ᠤᠳ ᠲᠦᠢᠯ ᠤᠨ ᠢᠳᠡᠪᠭᠢᠲᠠᠢ ᠮᠦᠷᠳᠡᠭᠡᠨ ᠪᠠᠶᠠᠷ ᠬᠦᠷ ᠲᠠᠢ ᠤᠷᠤᠯᠴᠠᠭᠰᠠᠨ ᠪᠠᠶᠢᠨ᠎ᠠ᠃ ᠬᠡᠳᠦ᠋ᠢᠪᠡᠷ ᠮᠠᠨ ᠤ ᠴᠡᠴᠡᠷᠯᠢᠭ ᠤᠨ ᠤᠨᠴᠠᠯᠢᠭᠳᠤ ᠵᠢᠭᠠᠨ ᠰᠤᠷᠭᠠᠯᠳᠠ ᠶᠢᠨ ︽ᠪᠢᠴᠢᠬᠠᠨ ᠬᠦᠯ ᠪᠦᠮᠪᠦᠭᠡᠴᠢᠨ︾᠎ ᠤ ᠲᠤᠭᠤᠶᠢᠯᠡᠩ ᠢ ᠵᠤᠭᠢᠶᠠᠨ ᠪᠠᠶᠢᠭᠤᠯᠤᠭᠰᠠᠨ ᠴᠠᠭ ᠬᠤᠭᠤᠴᠠᠭ᠎ᠠ ᠨᠢ ᠤᠬᠤᠷᠬᠠᠨ ᠪᠤᠯᠪᠠᠴᠤ᠂ ᠶᠡᠷᠤ ᠶᠢᠨ ᠴᠠᠭ ᠲᠤ ᠬᠡᠤᠬᠡᠳ ᠦᠪᠡᠷ ᠢᠶᠠᠨ ᠰᠠᠶᠢᠨ ᠲᠤᠷ᠎ᠠ ᠠᠴᠠ ᠪᠠᠨ ᠪᠤᠯᠪᠠᠰᠤᠷᠠᠯ ᠳᠤ ᠢᠳᠡᠪᠬᠢᠲᠠᠢ ᠤᠷᠤᠯᠴᠠᠵᠤ ᠲᠤᠰ ᠤᠳᠠᠭᠠᠨ ᠤ ᠤᠷᠤᠯᠳᠤᠭᠠᠨ ᠳᠤ ᠦᠨᠳᠦᠷ ᠠᠮᠵᠢᠯᠳᠠ ᠤᠯᠪᠠ᠃
 
    ᠲᠤᠰ ᠤᠳᠠᠭᠠᠨ ᠤ ᠣᠷᠣᠯᠳᠣᠭᠠᠨ ᠳᠤ ᠬᠡᠤᠬᠡᠳ ᠤᠳ ᠤᠨ ᠪᠡᠶ᠎ᠡ ᠮᠠᠬᠠᠪᠤᠳ ᠢ ᠪᠤᠯᠪᠠᠰᠤᠷᠠᠭᠤᠯᠤᠭᠰᠠᠨ ᠮᠦᠷᠳᠡᠭᠡᠨ ᠬᠡᠤᠬᠡᠳ ᠤᠳ ᠦᠪᠡᠷ ᠦᠪᠡᠷ ᠤᠨ ᠤᠨᠴᠠᠯᠢᠭ ᠪᠠᠨ ᠪᠠᠳᠠᠷᠠᠭᠤᠯᠵᠤ ᠪᠠᠶᠠᠷ ᠬᠦᠷ ᠲᠠᠢ ᠦᠩᠬᠡᠷᠡᠭᠦᠯᠥᠭᠰᠡᠨ ᠪᠠᠶᠢᠨ᠎ᠠ᠃ ᠮᠥᠨ ᠴᠣ᠋ ᠬᠡᠤᠬᠡᠳ ᠤᠳ ᠤᠨ ᠪᠦᠮᠪᠦᠭᠡ ᠢᠰᠭᠦᠯᠬᠦ ᠲᠠᠯ᠎ᠠ ᠶᠢᠨ ᠴᠢᠳᠠᠪᠦᠷᠢ ᠶᠢ ᠲᠡᠭᠡᠭᠰᠢᠯᠡᠬᠦᠯᠵᠣ᠂ ᠬᠡᠤᠬᠡᠳ ᠤᠨ ᠬᠦᠳᠡᠯᠭᠡᠭᠡᠨ ᠳᠤ ᠬᠠᠯᠠᠰᠢᠷᠠᠯ ᠦᠭᠡᠢ᠂ ᠠᠩᠬᠠᠷᠤᠯ ᠪᠠᠨ ᠲᠦᠪᠯᠡᠷᠡᠭᠦᠯᠬᠦ ᠵᠡᠷᠭᠡ ᠲᠠᠯ᠎ᠠ ᠶᠢ ᠨᠢ ᠬᠦᠭᠵᠢᠬᠦᠯᠬᠦ ᠶᠢᠨ ᠲᠠᠭᠠᠤ  ᠮᠠᠨ ᠤ ᠴᠡᠴᠡᠷᠯᠢᠭ ᠨᠢ ᠤᠨᠴᠠᠯᠢᠭᠳᠤ ᠵᠢᠭᠠᠨ ᠰᠤᠷᠭᠠᠯᠳᠠ ᠶᠢᠨ ︽ᠰᠤᠨᠢᠷᠬᠠᠯᠲᠠᠢ ᠬᠦᠯ ᠪᠦᠮᠪᠦᠭᠡ ᠶᠢᠨ ᠵᠢᠭᠠᠨ ᠰᠤᠷᠭᠠᠯᠳᠠ  ᠤᠨ ᠦᠢᠯᠡᠳᠦᠯᠭᠡ ᠶᠢ ᠰᠤᠳᠤᠯᠬᠤ︾ ᠲᠤᠰᠬᠠᠢ ᠰᠡᠳᠦᠪᠳᠤ ᠠᠵᠢᠯᠯᠠᠭ᠎ᠠ ᠪᠠᠨ ᠨᠡᠩ ᠬᠦᠭᠵᠢᠭᠦᠯᠵᠤ ᠴᠢᠳᠠᠭᠰᠠᠨ ᠪᠠᠶᠢᠨ᠎ᠠ᠃ ᠮᠠᠨ ᠤ ᠬᠡᠤᠬᠡᠳ ᠤᠳ ᠬᠦᠯ ᠪᠦᠮᠪᠦᠭᠡ ᠢᠰᠬᠦᠯᠬᠦ ᠶᠢᠨ ᠲᠤᠮᠳᠠ ᠡᠷᠡᠭᠦᠯ ᠴᠢᠬᠢᠷᠠᠭ ᠪᠠᠶᠠᠷ ᠪᠠᠶᠠᠰᠬᠤᠯᠠᠩ ᠲᠠᠢ᠂ ᠬᠦᠷ ᠬᠦᠭᠵᠢᠶᠡᠨ ᠲᠠᠢ ᠦᠰᠦᠨ ᠪᠤᠶᠢᠵᠢᠬᠤ ᠨᠢ ᠯᠠᠪᠲᠠᠢ ᠶᠤᠮ᠃
 
ᠢᠷᠡᠯᠲᠡ᠄ ᠣᠷᠳᠣᠰ ᠰᠣᠷᠭᠠᠨ ᠬᠦᠮᠦᠵᠢᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号