ᠤᠶᠢᠷ᠎ᠠ ᠶᠢᠨ ᠡᠳᠦᠷ ᠬᠤᠰᠢᠭᠤ ᠰᠤᠷᠭᠠᠨ ᠬᠦᠮᠦᠵᠢᠯ ᠪᠡᠶ᠎ᠡ ᠲᠠᠮᠢᠷ ᠤᠨ ᠳᠤᠪᠴᠢᠶ᠎ᠠ᠂ ᠤᠳᠬ᠎ᠠ ᠤᠷᠠᠯᠢᠭ ᠤᠨ ᠬᠢᠨ ᠤ | ᠬᠤᠯᠪᠤᠭ᠎ᠠ᠂ ᠤᠷᠠᠨ ᠵᠢᠷᠤᠭᠴᠢᠳ ᠤᠨ ᠡᠪᠯᠡᠯ᠂ ᠮᠠᠨ ᠤ ᠬᠤᠰᠢᠭᠤᠨ ᠤ ︽ᠪᠤᠳᠤᠭ︾ ᠤᠷᠠᠨ ᠵᠢᠷᠤᠭ ᠤᠨ ᠠᠵᠢᠯᠯᠠᠬᠤ | ᠦᠷᠦᠭᠡᠨ ᠠᠴᠠ ᠬᠠᠮᠲᠤᠷᠠᠨ ᠡᠷᠭᠢᠯᠡᠭᠰᠠᠨ ᠳᠤᠮᠳᠠᠳᠤ ᠪᠠᠭ᠎ᠠ ᠰᠤᠷᠭᠠᠭᠤᠯᠢ᠂ ᠬᠡᠤᠭᠡᠳ ᠤᠨ ᠴᠡᠴᠡᠷᠯᠢᠭ ᠤᠨ ᠠᠩᠬᠠᠳᠤᠭᠠᠷ | ᠤᠳᠠᠭᠠᠨ ᠤ ︽ᠪᠤᠳᠤᠭ︾ ᠬᠤᠨᠳᠠᠭᠠᠲᠤ ᠤᠷᠠᠨ ᠵᠢᠷᠤᠭ ᠤᠨ ᠤᠷᠤᠯᠳᠤᠭᠠᠨ ᠠᠮᠵᠢᠯᠲᠠ ᠲᠠᠢ ᠶᠠᠪᠤᠭᠳᠠᠪᠠ᠃ | ᠲᠤᠰ ᠤᠳᠠᠭᠠᠨ ᠤ ᠤᠷᠤᠯᠳᠤᠭᠠᠨ ᠢ ᠪᠡᠯᠡᠳᠭᠡᠯ ᠤᠷᠤᠯᠳᠤᠭᠠᠨ᠂ ᠰᠢᠢᠳᠪᠦᠷᠢᠲᠦ ᠤᠷᠤᠯᠳᠤᠭᠠᠨ ᠭᠡᠭᠦ ᠬᠤᠶᠠᠷ ᠱᠠᠲᠤ | ᠬᠤᠪᠢᠶᠠᠵᠦ ᠪᠡᠯᠡᠳᠭᠡᠯ ᠤᠷᠤᠯᠳᠤᠭᠠᠨ ᠢᠶᠠᠷ 16 ᠳᠤᠮᠳᠠᠳᠤ ᠪᠠᠭ᠎ᠠ ᠰᠤᠷᠭᠠᠭᠤᠯᠢ᠂ ᠬᠡᠤᠭᠡᠳ ᠤᠨ ᠴᠡᠴᠡᠷᠯᠢᠭ ᠤᠨ 2347 | ᠪᠦᠲᠦᠭᠡᠯ ᠢ ᠬᠡᠤᠭᠡᠳ ᠤᠨ ᠴᠡᠴᠡᠷᠯᠢᠭ ᠤᠨ ᠳᠤᠭᠤᠶᠢᠯᠠᠩ᠂ ᠪᠠᠭ᠎ᠠ ᠰᠤᠷᠭᠠᠭᠤᠯᠢ ᠶᠢᠨ ᠳᠤᠤᠷ᠎ᠠ ᠤᠨ ᠤ ᠳᠤᠭᠤᠶᠢᠯᠠᠩ᠂ | ᠪᠠᠭ᠎ᠠ ᠰᠤᠷᠭᠠᠭᠤᠯᠢ ᠶᠢᠨ ᠳᠡᠭᠡᠷ᠎ᠡ ᠤᠨ ᠤ ᠳᠤᠭᠤᠶᠢᠯᠠᠩ᠂ ᠠᠩᠬ᠎ᠠ ᠳᠤᠮᠳᠠᠳᠤ ᠶᠢᠨ ᠳᠤᠭᠤᠶᠢᠯᠠᠩ᠂ ᠳᠡᠭᠡᠳᠦ ᠳᠤᠮᠳᠠᠳᠤ ᠶᠢᠨ | ᠳᠤᠭᠤᠶᠢᠯᠠᠩ ᠭᠡᠵᠦ ᠲᠠᠪᠤᠨ ᠳᠤᠭᠤᠶᠢᠯᠠᠩ ᠬᠤᠪᠢᠶᠠᠨ ᠳᠤᠭᠤᠶᠢᠯᠠᠩ ᠪᠤᠯᠭᠠᠨ ᠠᠴᠠ 30 ᠰᠤᠷᠤᠭᠴᠢ ᠶᠢᠨ ᠪᠦᠲᠦᠭᠡᠯ ᠢ | ᠰᠤᠩᠭᠤᠵᠤ ᠰᠶᠢᠳᠪᠦᠷᠢᠲᠦ ᠤᠷᠤᠯᠳᠤᠭᠠᠨ ᠳᠤ ᠣᠷᠣᠯᠴᠠᠭᠤᠯᠤᠭᠰᠠᠨ ᠪᠠᠶᠢᠨ᠎ᠠ᠃ | ᠰᠶᠢᠳᠪᠦᠷᠢᠲᠦ ᠤᠷᠤᠯᠳᠤᠭᠠᠨ ᠳᠤ ᠤᠷᠤᠯᠴᠠᠭᠰᠠᠨ 30 ᠨᠡᠷ᠎ᠡ ᠰᠤᠷᠤᠭᠴᠢ ᠶᠢ ᠠᠬᠤᠢ ᠲᠠᠯᠠᠪᠡᠢ ᠳᠤ ᠰᠡᠳᠦᠪ | ᠥᠭᠴᠤ ᠵᠢᠷᠤᠭ ᠵᠢᠷᠤᠭᠤᠯᠤᠨ ᠬᠤᠪᠢ ᠭᠢᠨᠠᠵᠤ ᠤᠷᠠᠯᠠᠨ ᠵᠢᠷᠤᠭᠯᠠᠬᠤ ᠪᠠ ᠬᠤᠯᠪᠤᠨ ᠪᠤᠳᠤᠬᠤ ᠤᠷ᠎ᠠ ᠴᠢᠳᠠᠪᠤᠷᠢ ᠶᠢ | ᠰᠢᠯᠭᠠᠵᠤ ᠰᠢᠢᠳᠪᠦᠷᠢᠲᠦ ᠤᠷᠤᠯᠳᠤᠭᠠᠨ ᠳᠤ ᠢᠳᠡᠪᠭᠢᠯᠠᠨ ᠤᠷᠤᠯᠴᠠᠭᠰᠠᠨ 150 ᠨᠡᠷ᠎ᠡ ᠰᠤᠷᠤᠭᠴᠢ᠂ 59 ᠨᠡᠷ᠎ᠡ | ᠵᠢᠯᠤᠭᠤᠳᠤᠭᠰᠠᠨ ᠪᠠᠭᠰᠢ ᠶᠢ ᠬᠦᠬᠢᠭᠦᠯᠦᠨ ᠵᠤᠷᠢᠭᠵᠢᠭᠤᠯᠤᠭᠰᠠᠨ ᠪᠠᠶᠢᠨ᠎ᠠ᠃ | | |