ᠮᠠᠨ ᠤ ᠬᠤᠰᠢᠭᠤ ᠰᠦᠢᠳᠬᠡᠯ ᠲᠤᠰᠢᠶᠠᠬᠤ ᠦᠭᠡᠢ ᠪᠠᠷ ᠨᠤᠮ ᠵᠢᠭᠡᠯᠡᠵᠦ ᠤᠩᠰᠢᠭᠴᠢᠳ ᠤᠨ ᠨᠤᠮ ᠤᠩᠰᠢᠬᠤ ᠲᠤᠷ᠎ᠠ ᠪᠠᠬ᠎ᠠ ᠶᠢ ᠬᠦᠭᠵᠢᠭᠡᠵᠦ ᠪᠠᠶᠢᠨ᠎ᠠ
ᠨᠡᠶᠢᠲᠡᠯᠡᠭᠰᠡᠨ ᠴᠠᠭ᠄
2019-07-12
     ᠪᠢᠳᠠ ᠨᠤᠮ ᠵᠢᠬᠡᠯᠠᠵᠤ ᠤᠩᠰᠢᠬᠤ ᠳᠤ ᠶᠡᠷᠦᠳᠡᠬᠡᠨ ᠰᠦᠢᠳᠬᠡᠯ ᠲᠤᠰᠢᠶᠠᠳᠠᠭ᠃ ᠣᠶᠢᠷ᠎ᠠ ᠳᠤ᠂ ᠮᠠᠨ ᠤ ᠬᠤᠰᠢᠭᠤ  ᠨᠤᠮ ᠵᠢᠬᠡᠯᠡᠵᠤ ᠤᠩᠰᠢᠬᠤ ᠰᠦᠢᠳᠬᠡᠯ ᠢ ᠵᠠᠰᠠᠭ ᠤᠨ ᠤᠷᠳᠤᠨ ᠠᠴᠠ ᠲᠠᠭᠠᠭᠠᠵᠤ ᠲᠤᠭᠠᠴᠠᠭ᠎ᠠ ᠬᠢᠬᠦ ᠶᠢ ᠪᠡᠶᠡᠯᠡᠬᠦᠯᠦᠭᠰᠡᠨ ᠢᠶᠠᠷ ᠤᠩᠰᠢᠭᠴᠢᠳ ᠦᠪᠡᠷ ᠤᠨ ᠲᠤᠷᠠᠲᠠᠢ ᠨᠤᠮ ᠰᠡᠳᠬᠦᠯ ᠢᠶᠠᠨ ᠰᠦᠢᠳᠬᠡᠯ ᠲᠤᠰᠢᠶᠠᠬᠤ ᠦᠭᠡᠢ  ᠪᠠᠷ ᠵᠢᠬᠡᠯᠡᠵᠦ ᠪᠤᠯᠬᠤ ᠪᠤᠯᠵᠦ ᠨᠤᠮ ᠤᠩᠰᠢᠬᠤ ᠤᠷᠮᠠᠰᠢᠯ ᠶᠡᠬᠡᠪᠡᠷ ᠲᠠᠶᠢᠴᠢᠯᠠᠭᠳᠠᠵᠦ ᠴᠢᠳᠠᠭᠰᠠᠨ ᠪᠠᠶᠢᠨ᠎ᠠ᠃      ᠲᠤᠰ ᠦᠢᠯᠡᠴᠢᠯᠡᠭᠡᠨ ᠤ ᠲᠠᠪᠴᠠᠩ ᠪᠤᠯ ᠲᠠᠷᠤᠢ ᠮᠠᠨ ᠬᠤᠰᠢᠭᠤᠨ ᠤ ᠨᠤᠮ ᠤᠨ ᠰᠠᠩ ᠪᠤᠯᠤᠨ ᠰᠢᠨᠬᠤᠸᠠ ᠨᠤᠮ ᠤᠨ ᠲᠡᠯᠭᠡᠭᠦᠷ ᠬᠠᠮᠳᠤᠷᠠᠵᠤ ᠨᠡᠭᠡᠭᠡᠭᠰᠡᠨ ᠰᠦᠢᠳᠬᠡᠯ ᠲᠤᠰᠢᠶᠠᠬᠤ ᠦᠭᠡᠢ ᠪᠠᠷ ᠨᠤᠮ ᠵᠢᠭᠡᠯᠡᠵᠦ ᠤᠩᠰᠢᠬᠤ ᠦᠢᠯᠡᠴᠢᠯᠡᠬᠡᠨ ᠤ ᠲᠠᠪᠴᠠᠩ ᠪᠤᠯᠤᠨ᠎ᠠ᠃ ᠤᠩᠰᠢᠭᠴᠢ ᠨᠤᠮ ᠤᠨ ᠰᠠᠩ ᠳᠤ ᠪᠠᠶᠢᠭ᠎ᠠ ᠠᠦ᠋ᠲ᠋ᠤᠴᠢᠯᠠᠭᠰᠠᠨ ᠦᠨᠡᠮᠯᠠᠯ ᠬᠦᠢᠴᠡᠳᠬᠡᠬᠦ ᠮᠠᠰᠢᠨ ᠲᠡᠬᠡᠷ᠎ᠡ ᠪᠡᠶ᠎ᠡ ᠶᠢᠨ ᠦᠨᠡᠮᠯᠠᠯ ᠢᠶᠠᠨ ᠰᠢᠷᠪᠢᠵᠤ 200 ᠲᠦᠬᠦᠷᠢᠭ ᠤᠨ ᠪᠠᠷᠢᠴᠠᠭᠠᠨ ᠤ ᠮᠦᠩᠬᠦ ᠲᠤᠰᠢᠶᠠᠭᠠᠳ ᠨᠤᠮ ᠵᠢᠬᠡᠯᠠᠵᠤ ᠤᠩᠰᠢᠬᠤ ᠦᠨᠡᠮᠯᠠᠯ ᠭᠠᠷᠭᠠᠵᠤ ᠠᠪᠤᠭᠰᠠᠨ ᠤ ᠬᠤᠶᠢᠨ᠎ᠠ ᠲᠤᠰ ᠦᠨᠠᠮᠯᠠᠯ ᠢᠶᠠᠷ ᠢᠶᠠᠨ ᠨᠤᠮ ᠤᠨ ᠰᠠᠩ ᠳᠤ ᠦᠬᠡᠢ ᠨᠤᠮ ᠢ ᠮᠠᠨ ᠤ ᠬᠤᠰᠢᠭᠤᠨ ᠤ ᠰᠢᠨᠬᠤᠸᠠ ᠨᠤᠮ ᠤᠨ ᠲᠡᠯᠬᠡᠬᠦᠷ ᠠᠴᠠ ᠰᠦᠢᠳᠬᠡᠯ ᠲᠤᠰᠢᠶᠠᠬᠤ ᠦᠭᠡᠢ ᠵᠢᠬᠡᠯᠡᠵᠤ ᠤᠩᠰᠢᠵᠤ ᠪᠤᠯᠤᠨ᠎ᠠ᠃ ᠮᠦᠨᠴᠦ ᠨᠤᠮ ᠤᠨ ᠰᠠᠩ ᠳᠠᠬᠢ ᠨᠤᠮ ᠢ ᠰᠦᠢᠳᠬᠡᠯ ᠲᠤᠰᠢᠶᠠᠬᠤ ᠦᠭᠡᠢ ᠵᠢᠬᠡᠯᠡᠵᠤ ᠦᠵᠡᠵᠤ ᠪᠤᠯᠤᠨ᠎ᠠ᠃ ᠡᠨᠡ ᠬᠤᠭᠤᠷᠤᠨᠳᠤ ᠤᠩᠰᠢᠭᠴᠢ ᠦᠪᠡᠷᠳᠡᠬᠡᠨ ᠶᠠᠮᠠᠷ ᠴᠤ ᠵᠤᠭᠤᠰ ᠵᠠᠷᠤᠴᠠᠭᠤᠯᠬᠤ ᠦᠬᠡᠢ ᠮᠦᠷᠳᠡᠬᠡᠨ ᠦᠨᠠᠮᠯᠠᠯ ᠤᠨ ᠪᠠᠷᠢᠴᠠᠭᠠᠨ ᠤ 200 ᠲᠦᠬᠦᠷᠢᠭ ᠢ ᠦᠨᠠᠮᠯᠠᠯ ᠢᠶᠠᠨ ᠪᠤᠴᠠᠭᠠᠬᠤ ᠦᠶ᠎ᠡ ᠳᠤ ᠤᠩᠰᠢᠭᠴᠢ ᠳᠤ ᠡᠬᠡᠬᠦᠯᠦᠨ ᠦᠭᠬᠦ ᠪᠤᠯᠤᠨ᠎ᠠ᠃ ᠲᠤᠰ ᠦᠢᠯᠡᠴᠢᠯᠡᠬᠡᠨ ᠤ ᠲᠠᠪᠴᠠᠩ ᠤᠨ ᠪᠠᠰᠠ ᠨᠢᠬᠡᠨ ᠲᠠᠪᠠᠭᠤᠯᠢᠭ ᠨᠢ ᠲᠠᠷᠤᠢ ᠤᠩᠰᠢᠭᠴᠢ ᠶᠢᠨ ᠵᠢᠬᠡᠯᠡᠵᠤ ᠤᠩᠰᠢᠬᠤ ᠱᠠᠭᠠᠷᠳᠠᠯᠭ᠎ᠠ ᠲᠠᠢ ᠰᠢᠨ᠎ᠡ ᠪᠠᠷ ᠬᠡᠪᠯᠡᠭᠳᠡᠭᠰᠡᠨ ᠨᠤᠮ ᠢ ᠰᠢᠨᠬᠤᠸᠠ ᠨᠤᠮ ᠤᠨ ᠲᠡᠯᠬᠡᠬᠦᠷ ᠠᠴᠠ ᠰᠢᠭᠤᠳ ᠨᠤᠮ ᠤᠨ ᠰᠠᠩ ᠤᠨ ᠨᠤᠮ ᠵᠢᠬᠡᠯᠡᠬᠦ ᠰᠢᠰᠲ᠋ᠧᠮ ᠳᠤ ᠤᠷᠤᠭᠤᠯᠵᠤ ᠬᠤᠶᠠᠷ ᠮᠢᠨᠦ᠋ᠲ ᠤᠨ ᠲᠤᠳᠤᠷ᠎ᠠ ᠤᠩᠰᠢᠭᠴᠢ ᠶᠢᠨ ᠠᠯᠠᠭᠠᠨ ᠳᠤ ᠬᠦᠷᠬᠡᠵᠤ ᠲᠠᠶᠢᠯᠦᠨ᠎ᠠ᠃ ᠡᠨᠡ ᠬᠤᠭᠤᠷᠤᠨᠳᠤ ᠤᠩᠰᠢᠭᠴᠢ ᠮᠦᠨ ᠶᠠᠮᠠᠷ ᠴᠣ᠋ ᠰᠦᠢᠳᠬᠡᠯ ᠲᠤᠰᠢᠶᠠᠬᠤ ᠦᠬᠡᠢ ᠪᠠᠶᠢᠵᠤ ᠬᠠᠮᠢᠶ᠎ᠠ ᠪᠦᠬᠦᠢ ᠰᠦᠢᠳᠬᠡᠯ ᠢ ᠪᠦᠬᠦᠨ ᠢ ᠵᠠᠰᠠᠭ ᠤᠨ ᠤᠷᠳᠤᠨ ᠠᠴᠠ ᠲᠠᠭᠠᠭᠠᠬᠤ ᠪᠤᠯᠤᠨ᠎ᠠ᠃      ᠨᠤᠮ ᠤᠨ ᠰᠠᠩ ᠳᠠᠬᠢ ᠨᠤᠮ ᠢ ᠶᠡᠷᠦᠳᠡᠬᠡᠨ ᠨᠤᠮ ᠤᠨ ᠰᠠᠩ ᠤᠨ ᠠᠵᠢᠯᠳᠠᠨ ᠠᠴᠠ ᠬᠤᠳᠠᠯᠳᠤᠨ ᠠᠪᠴᠢᠷᠠᠭᠰᠠᠨ ᠤ ᠲᠠᠷᠠᠭ᠎ᠠ ᠰᠢᠨ᠎ᠡ ᠨᠤᠮ ᠤᠳ ᠢ ᠭᠠᠷᠴᠠᠭᠯᠠᠬᠤ᠂ ᠬᠦᠮᠦᠷᠭᠡᠯᠡᠬᠦ ᠵᠡᠷᠬᠡ ᠠᠯᠬᠤᠮ ᠢ ᠦᠩᠬᠡᠷᠡᠬᠡᠳᠡᠭ᠃ ᠲᠤᠰ ᠦᠢᠯᠡᠴᠢᠯᠡᠬᠡᠨ ᠤ ᠲᠠᠪᠴᠠᠩ ᠤᠨ ᠪᠠᠶᠢᠭᠤᠯᠤᠭᠳᠠᠭᠰᠠᠨ ᠨᠢ ᠨᠤᠮ ᠤᠨ ᠰᠠᠩ ᠤᠨ ᠨᠤᠮ ᠬᠤᠳᠠᠯᠳᠤᠨ ᠠᠪᠬᠤ ᠡᠷᠬᠡ ᠶᠢ ᠤᠩᠰᠢᠭᠴᠢᠳ ᠲᠤ ᠲᠤᠰᠢᠶᠠᠵᠤ ᠡᠬᠢ ᠪᠠᠶᠠᠯᠢᠭ ᠢ ᠶᠡᠬᠡᠪᠡᠷ ᠠᠷᠪᠢᠯᠠᠵᠤ ᠴᠢᠳᠠᠵᠠᠢ᠃ ᠡᠨᠡ ᠨᠢ ᠨᠤᠮ ᠤᠨ ᠰᠠᠩ ᠤᠨ ᠬᠢᠨ ᠤᠩᠰᠢᠭᠴᠢᠳ ᠤᠨ ᠲᠠᠭᠠᠰᠢᠶᠠᠯ ᠳᠤ ᠨᠡᠶᠢᠴᠡᠭᠰᠡᠨ ᠨᠤᠮ ᠢ ᠤᠯᠵᠤ ᠨᠡᠩ ᠰᠠᠶᠢᠨ ᠠᠷᠭ᠎ᠠ ᠪᠠᠷ ᠦᠷᠭᠡᠨ ᠤᠯᠠᠨ ᠲᠦᠮᠡᠨ ᠳᠤ ᠦᠢᠯᠡᠴᠢᠯᠡᠬᠦ ᠪᠤᠯᠤᠭᠰᠠᠨ ᠢᠶᠠᠷ ᠨᠤᠮ ᠤᠨ ᠬᠤᠷᠤᠬᠠᠶᠢᠳᠠᠳ ᠤᠨ ᠬᠠᠮᠤᠭ ᠤᠴᠢᠬᠤ ᠲᠤᠷᠠᠲᠠᠢ ᠭᠠᠵᠠᠷ ᠪᠤᠯᠵᠠᠢ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号