ᠣᠶᠢᠷ᠎ᠠ ᠶᠢᠨ ᠡᠳᠦᠷ᠂ ᠮᠠᠨ ᠤ ᠬᠤᠰᠢᠭᠤᠨ ᠤ ᠮᠣᠩᠭᠤᠯ ᠦᠨᠳᠦᠰᠦᠲᠡᠨ ᠤ ᠳᠤᠷᠰᠢᠯᠲᠠ ᠶᠢᠨ ᠪᠠᠭ᠎ᠠ ᠰᠤᠷᠭᠠᠭᠤᠯᠢ | ᠶᠢᠨ ᠭᠤᠷᠪᠠᠳᠤᠭᠠᠷ ᠣᠨ ᠤ ᠭᠤᠷᠪᠠᠳᠤᠭᠠᠷ ᠠᠩᠭᠢ ᠶᠢᠨ ᠬᠢᠨ ︽ᠡᠬᠡ ᠪᠠᠶᠢᠭᠠᠯᠢ ᠪᠠᠨ ᠠᠵᠢᠭᠯᠠᠨ ᠰᠤᠨᠢᠷᠬᠠᠶ᠎ᠠ︾ | ᠰᠡᠲᠦᠪᠲᠦ ᠦᠢᠯᠡᠳᠦᠯᠭᠡ ᠶᠢᠨ ᠠᠵᠢᠯᠯᠠᠭ᠎ᠠ ᠦᠷᠨᠢᠭᠦᠯᠦᠭᠰᠡᠨ ᠪᠠᠶᠢᠨ᠎ᠠ᠃ | ᠳᠣᠰ ᠠᠵᠢᠯᠯᠠᠭ᠎ᠠ ᠳᠤ ᠰᠤᠷᠤᠭᠴᠢᠳ ᠦᠷᠯᠦᠭᠡ ᠡᠷᠲᠡᠯᠡᠨ ᠭᠡᠷ ᠤᠨ ᠠᠬᠠᠮᠠᠳ ᠤᠨ ᠳᠠᠭᠠᠭᠤᠯᠭ᠎ᠠ ᠪᠠᠷ ᠪᠠᠲᠤ ᠶᠢᠨ | ᠲᠤᠬᠤᠢ ᠵᠤᠭᠠᠴᠠᠯ ᠤᠨ ᠭᠠᠵᠠᠷ ᠤᠨ ︽ᠰᠢᠪᠠᠭᠤᠲᠤ ᠠᠷᠠᠯ︾ ᠳᠤ ᠬᠦᠷᠴᠦ ᠢᠷᠡᠯ᠎ᠡ᠃ ᠰᠤᠷᠤᠭᠴᠢᠳ ᠡᠬᠡ ᠪᠠᠶᠢᠭᠠᠯᠢ ᠶᠢᠨ | ᠦᠩᠭᠡ ᠦᠵᠡᠮᠵᠢ ᠶᠢ ᠰᠣᠨᠢᠷᠬᠠᠬᠤ ᠶᠢᠨ ᠳᠠᠭᠠᠤ ᠣᠯᠠᠨ ᠵᠦᠢᠯ ᠤᠨ ᠰᠢᠪᠠᠭᠤᠳ ᠢ ᠣᠯᠵᠣ ᠦᠵᠡᠭᠡᠳ ᠲᠣᠩ ᠪᠠᠶᠠᠷᠲᠠᠢ | ᠪᠠᠶᠢᠯ᠎ᠠ᠃ ︽ᠰᠢᠪᠠᠭᠤᠲᠤ ᠠᠷᠠᠯ︾ ᠠᠴᠠ ᠭᠠᠷᠴᠤ ᠰᠢᠷᠬᠤᠰᠤᠨ ᠭᠤᠣᠯ ᠤᠨ ᠬᠦᠪᠡᠭᠡᠨ ᠳᠡᠭᠡᠷ᠎ᠡ ᠣᠴᠢᠵᠤ ᠦᠪᠡᠷ ᠤᠨ | ᠣᠯᠵᠤ ᠬᠠᠷᠠᠭᠰᠠᠨ ᠪᠠᠶᠢᠭᠠᠯᠢ ᠶᠢᠨ ᠭᠤᠶᠢᠳᠠ ᠦᠵᠡᠮᠵᠢ ᠪᠠᠨ ᠵᠢᠷᠤᠨ ᠵᠢᠷᠤᠭᠰᠠᠨ ᠵᠢᠷᠤᠭ ᠢᠶᠠᠨ ᠬᠠᠷᠢᠯᠴᠠᠨ ᠰᠣᠯᠢᠯᠴᠠᠨ | ᠣᠯᠣᠯᠳᠠ ᠲᠦᠷᠦᠭᠳᠡᠯ ᠢᠶᠠᠨ ᠶᠠᠷᠢᠵᠠᠭᠠᠪᠠ᠃ | ᠰᠤᠷᠤᠭᠴᠢᠳ ᠪᠠᠰᠠ ᠭᠡᠷ ᠤᠨ ᠠᠬᠠᠮᠠᠳ ᠤᠨ ᠳᠠᠭᠠᠭᠤᠯᠭ᠎ᠠ ᠪᠠᠷ ︽ᠰᠢᠷᠬᠤᠰᠤ ᠨᠢᠭᠡ ᠭᠤᠣᠯ ᠭᠤᠷᠪᠠᠨ | ᠴᠡᠴᠡᠷᠯᠢᠭ ᠤᠨ ᠦᠵᠡᠰᠬᠦᠯᠡᠩ︾ ᠤᠨ ᠣᠷᠳᠣᠨ ᠳᠤ ᠬᠦᠷᠴᠦ ᠪᠠᠯᠠᠷ ᠡᠷᠲᠡᠨ ᠤ ᠪᠠᠶᠢᠭᠠᠯᠢ ᠶᠢᠨ ᠳᠣᠬᠠᠢ ᠣᠶᠢᠯᠠᠭᠠᠭᠰᠠᠨ ᠤ | ᠬᠠᠮᠲᠤ ᠤᠯᠠᠨ ᠵᠦᠢᠯ ᠤᠨ ᠬᠠᠮᠠᠭᠠᠯᠠᠯᠳᠠ ᠶᠢᠨ ᠰᠢᠪᠠᠭᠤᠳ ᠤᠨ ᠵᠠᠭᠪᠤᠷ ᠢ ᠦᠵᠡᠵᠦ ᠡᠬᠡ ᠪᠠᠶᠢᠭᠠᠯᠢ ᠪᠠᠨ ᠨᠡᠩ ᠢᠯᠡᠬᠦᠦ | ᠬᠠᠶᠢᠷᠠᠯᠠᠨ ᠬᠠᠮᠠᠭᠠᠯᠠᠬᠤ ᠣᠶᠢᠯᠠᠭᠠᠯᠲᠠ ᠲᠠᠨᠢᠯᠲᠠ ᠲᠠᠢ ᠪᠣᠯᠤᠭᠰᠠᠨ ᠪᠠᠶᠢᠨ᠎ᠠ᠃ | ᠮᠠᠨ ᠤ ᠬᠤᠰᠢᠭᠤᠨ ᠤ ᠮᠣᠩᠭᠤᠯ ᠦᠨᠳᠦᠰᠦᠲᠡᠨ ᠤ ᠳᠤᠷᠰᠢᠯᠲᠠ ᠶᠢᠨ ᠪᠠᠭ᠎ᠠ ᠰᠤᠷᠭᠠᠭᠤᠯᠢ ᠨᠢ ᠡᠶᠢᠮᠦᠷᠭᠦᠦ ᠡᠬᠡ | ᠪᠠᠶᠢᠭᠠᠯᠢ ᠪᠠᠨ ᠬᠠᠶᠢᠷᠠᠯᠠᠨ ᠬᠠᠮᠠᠭᠠᠯᠠᠬᠤ᠂ ᠦᠨᠳᠦᠰᠦᠲᠡᠨ ᠤ ᠤᠯᠠᠮᠵᠢᠯᠠᠯᠲᠤ ᠵᠠᠩ ᠵᠠᠩᠰᠢᠯ ᠢᠶᠠᠨ ᠣᠶᠢᠯᠠᠭᠠᠨ ᠮᠡᠳᠡᠬᠦ | ᠦᠢᠯᠡᠳᠦᠯᠭᠡ ᠶᠢᠨ ᠠᠵᠢᠯᠯᠠᠭ᠎ᠠ ᠶᠢ ᠥᠷᠭᠦᠯᠵᠢ ᠦᠷᠨᠢᠭᠦᠯᠵᠦ ᠰᠤᠷᠤᠭᠴᠢᠳ ᠢ ᠦᠢᠯᠡᠳᠦᠯᠭᠡ ᠶᠢᠨ ᠳᠤᠮᠳᠠ ᠠᠴᠠ ᠪᠠᠶᠢᠭᠠᠯᠢ | ᠨᠡᠶᠢᠬᠡᠮ ᠢ ᠣᠶᠢᠯᠠᠭᠠᠬᠤ ᠴᠢᠳᠠᠪᠤᠷᠢ ᠶᠢ ᠳᠡᠭᠡᠭᠰᠢᠯᠡᠭᠦᠯᠦᠭᠰᠡᠭᠡᠷ ᠢᠷᠡᠭᠰᠡᠨ ᠪᠠᠶᠢᠨ᠎ᠠ᠃ | | | | | | | | | | | | | | | | | | | | | | | | | | | | | | | | | | | | | | | | | | |