ᠬᠤᠷᠢᠨ ᠳᠦᠷᠪᠡᠳᠣᠬᠡᠷ ᠬᠤᠭᠤᠴᠠᠭᠠᠨ ᠤ ︽ᠭᠠᠯᠠᠭᠤᠳᠣ︾ ᠰᠢᠯᠣᠭ᠌ ᠳᠠᠭᠤᠨ ᠤ ᠣᠷᠣᠯᠳᠣᠭᠠᠨ ᠪᠠᠶ᠋ᠬᠠᠦ᠋ᠨᠳᠣᠷ ᠭᠠᠴᠠᠭᠠᠨ ᠳᠤ ᠶᠠᠪᠤᠭᠳᠠᠪᠠ
ᠨᠡᠶᠢᠲᠡᠯᠡᠭᠰᠡᠨ ᠴᠠᠭ᠄
2019-08-13
     8 ᠰᠠᠷ᠎ᠠ ᠶᠢᠨ 8 ᠤ ᠡᠳᠣᠷ᠂ ᠬᠤᠷᠢᠨ ᠳᠦᠷᠪᠡᠳᠣᠬᠡᠷ ᠬᠤᠭᠤᠴᠠᠭᠠᠨ ᠤ ︽ᠭᠠᠯᠠᠭᠤᠳᠣ︾ ᠰᠢᠯᠣᠭ᠌ ᠳᠠᠭᠤᠨ  ᠤ ᠤᠷᠤᠯᠳᠤᠭᠠᠨ ᠭᠠᠯᠠᠭᠤᠳᠣ ᠪᠠᠯᠭᠠᠰᠣᠨ ᠤ ᠪᠠᠶ᠋ᠬᠠᠦ᠋ᠨᠳᠣᠷ ᠭᠠᠴᠠᠭᠠᠨ ᠳᠤ ᠶᠠᠪᠣᠭᠳᠠᠵᠣ ᠣᠳᠬ᠎ᠠ ᠣᠷᠠᠯᠢᠭᠴᠢᠳ᠂ ᠣᠷᠠᠨ ᠵᠣᠬᠢᠶᠠᠯᠴᠢᠳ ᠤᠨ ᠣᠢ ᠣᠬᠠᠭᠠᠨ ᠣᠷ᠎ᠠ ᠠᠪᠢᠶᠠᠰ ᠢ ᠰᠣᠷᠢᠭᠰᠠᠨ ᠨᠠᠭᠠᠳᠣᠮ ᠪᠣᠯᠪᠠ᠃
     ᠡᠨ᠋ᠨ ᠣᠳᠠᠭᠠᠨ ᠤ ︽ᠭᠠᠯᠠᠭᠤᠳᠣ︾ ᠰᠢᠯᠣᠭ᠌ ᠳᠠᠭᠤᠨ ᠤ ᠣᠷᠣᠯᠳᠣᠭᠠᠨ ᠤ ᠰᠢᠯᠣᠭ᠌ ᠤᠨ ᠳᠣᠭᠤᠶᠢᠯᠠᠩ ᠳᠤ 10 ᠭᠠᠷᠣᠢ ᠬᠦᠮᠣᠨ ᠣᠷᠣᠯᠴᠠᠵᠣ ᠳᠣᠬᠠᠢ ᠶᠢᠨ ᠳᠠᠯᠠᠪᠠᠢ ᠳᠡᠭᠡᠷ᠎ᠡ 20 ᠮᠢᠨᠦ᠋ᠲ ᠤᠨ ᠬᠤᠭᠤᠴᠠᠭᠠᠨ ᠳᠤ ︽ᠭᠤᠳᠣᠯ︾ ᠭᠡᠰᠡᠨ ᠠᠳᠠᠯᠢ ᠭᠠᠷᠴᠠᠭ ᠢᠶᠠᠷ ᠰᠢᠯᠦᠭ ᠪᠢᠴᠢᠵᠣ ᠣᠡᠭᠰᠢᠨ ᠣᠷᠣᠯᠳᠣᠭᠰᠠᠨ ᠪᠠᠶᠢᠨ᠎ᠠ᠃ ᠠᠮᠠᠨ ᠰᠢᠯᠣᠭ᠍ᠴᠢᠨ ᠪᠣᠯᠬᠤ ᠦᠣᠰᠢᠨᠵᠣᠣ ᠪᠠᠯᠭᠠᠰᠣᠨ ᠤ ᠦᠣᠰᠢᠨᠵᠣᠣ ᠭᠠᠴᠠᠭᠠᠨ ᠤ ᠮᠠᠯᠴᠢᠨ ᠪᠡᠳᠣᠵᠢᠷᠭᠠᠯ ᠡᠨᠡᠬᠦ ᠣᠷᠣᠯᠳᠣᠭᠠᠨ ᠳᠤ ᠨᠡᠯᠢᠶᠠᠳ ᠭᠡᠳᠣᠨ ᠣᠳᠠᠭ᠎ᠠ ᠣᠷᠣᠯᠴᠠᠵᠣ ᠳᠡᠬᠦᠨ ᠤ ᠰᠢᠯᠣᠭ᠌ ᠨᠠᠶᠢᠷᠠᠭ ᠤᠨ ᠤᠯᠠᠮ ᠪᠣᠯᠪᠠᠰᠣᠷᠠᠩᠭᠤᠢ ᠪᠣᠯᠬᠤ ᠳᠤ ᠳᠠᠪᠴᠠᠩ ᠬᠠᠨᠭ᠍ᠭᠠᠭᠰᠠᠨ ᠪᠠᠶᠢᠨ᠎ᠠ᠃ ᠡᠨ᠋ᠨ ᠣᠳᠠᠭᠠᠨ ᠤ ᠣᠷᠣᠯᠳᠣᠭᠠᠨ ᠳᠤ ᠲᠡᠷᠡ ᠣᠯᠠᠨ ᠠᠴᠠ ᠣᠨᠴᠠᠯᠢᠭᠳᠠᠭᠰᠠᠨ ᠰᠠᠨᠠᠭ᠎ᠠ ᠠᠬᠤᠢ᠂ ᠣᠷᠠᠨ ᠰᠡᠳᠬᠢᠮᠵᠢ ᠪᠠᠷ ᠨᠢᠬᠡᠳᠣᠭᠡᠷ ᠳᠡᠰ ᠲᠤ ᠳᠣᠳᠣᠷᠡᠨ ᠬᠦᠬᠢᠬᠦᠯᠣᠭ᠍ᠳᠡᠭᠰᠡᠨ ᠤ ᠬᠠᠮᠳᠣ ᠪᠠᠰᠠ ᠣᠯᠠᠨ ᠳᠤ ᠳᠠᠭᠠᠰᠢᠶᠠᠭᠳᠠᠭᠰᠠᠨ ᠬᠠᠮᠤᠭ ᠤᠨ ᠰᠢᠯᠢᠳᠡᠭ ᠰᠢᠯᠣᠭ᠍ᠴᠢ ᠶᠢᠨ ᠴᠣᠯᠡ ᠢ ᠬᠦᠷᠳᠡᠪᠡ᠃
     ᠮᠠᠯᠴᠢᠨ ᠪᠠᠲᠤᠵᠢᠷᠭᠠᠯ᠄ ︽ᠡᠨᠡ ᠨᠢ ᠮᠠᠯᠴᠢᠨ ᠰᠢᠯᠦᠭᠴᠢᠳ ᠲᠤ ᠵᠤᠷᠢᠭᠤᠯᠤᠭᠰᠠᠨ ᠰᠠᠶᠢᠬᠠᠨ ᠲᠠᠪᠴᠠᠩ ᠶᠤᠮ᠃ ᠰᠡᠲᠦᠪ ᠤᠨ ᠲᠠᠯ᠎ᠠ ᠪᠠᠷ ᠪᠠᠰᠠ ᠬᠢᠵᠠᠭᠠᠷᠯᠠᠯ ᠪᠠᠶᠢᠳᠠᠭ ᠦᠭᠡᠢ᠂ ᠮᠢᠨᠦ ᠰᠢᠯᠦᠭ ᠪᠢᠴᠢᠬᠦ ᠲᠠᠯ᠎ᠠ ᠳᠤ ᠵᠤᠷᠢᠭᠵᠢᠭᠤᠯᠤᠯ ᠪᠤᠯᠵᠤ ᠪᠠᠶᠢᠳᠠᠭ᠃ ᠠᠮᠠᠨ ᠰᠢᠯᠦᠭ ᠭᠡᠭᠴᠢ ᠦᠨᠡᠨ ᠢ ᠲᠡᠷᠡ ᠴᠢᠭ ᠢᠶᠠᠷ ᠢᠶᠠᠨ ᠵᠦᠭᠡᠭᠡᠵᠦ ᠠᠪᠴᠢᠷᠠᠳᠠᠭ ᠦᠨᠡᠨ ᠪᠤᠳᠠᠲᠠᠢ ᠶᠢ ᠶᠠᠷᠢᠳᠠᠭ ᠤᠷᠠᠯᠢᠭ ᠪᠠᠶᠢᠭ᠎ᠠ ᠶᠤᠮ᠃ ᠬᠦᠮᠦᠨ ᠳᠤ ᠲᠤᠰᠬᠤ ᠳᠤ ᠬᠦᠨᠳᠤ᠂ ᠰᠤᠨᠤᠰᠬᠤ ᠳᠤ ᠰᠤᠨᠤᠰᠪᠤᠷᠢᠲᠠᠢ ᠰᠢᠨᠵᠢᠲᠠᠢ ᠪᠠᠶᠢᠳᠠᠭ︾ ᠬᠡᠵᠦ ᠤᠶᠢᠯᠠᠭᠠᠯᠲᠠ ᠪᠠᠨ ᠶᠠᠷᠢᠵᠦ ᠪᠠᠶᠢᠪᠠ᠃
     ︽ᠭᠠᠯᠠᠭᠤᠳᠣ︾ ᠰᠢᠯᠣᠭ᠌ ᠳᠠᠭᠤᠨ ᠤ ᠣᠷᠣᠯᠳᠣᠭᠠᠨ ᠢ 1994 ᠣᠨ ᠳᠤ ᠠᠷᠡᠳ ᠤᠨ ᠪᠠᠭᠰᠢ ᠵᠠᠩᠭᠠᠨᠣᠷᠪᠤ ᠪᠣᠯᠣᠨ ᠮᠠᠯᠴᠢᠨ ᠵᠣᠬᠢᠶᠠᠯᠴᠢ ᠵᠠᠩᠭᠠᠪᠠᠭᠠᠳᠣᠷ ᠬᠤᠶᠠᠭᠤᠯᠡ ᠠᠮᠠᠨ ᠰᠢᠯᠣᠭ᠌ ᠤᠨ ᠨᠣᠳᠤᠭ ᠪᠣᠯᠬᠤ ᠭᠠᠯᠠᠭᠤᠳᠣ ᠶᠢᠨ ᠠᠮᠠᠨ ᠰᠢᠯᠣᠭ᠌᠂ ᠳᠠᠭᠤᠣ ᠬᠦᠭᠵᠢᠮ ᠤᠨ ᠰᠣᠶᠣᠯ ᠢ ᠬᠦᠭᠵᠢᠬᠦᠯᠬᠦ ᠶᠢᠨ ᠳᠦᠯᠣᠬᠡ ᠡᠬᠦᠰᠬᠡᠨ ᠡᠷᠬᠢᠯᠡᠵᠣ ᠳᠠᠷᠠᠭ᠎ᠠ  ᠪᠠᠷ ᠭᠠᠯᠠᠭᠤᠳᠣ ᠪᠠᠯᠭᠠᠰᠣᠨ ᠤ 6 ᠮᠠᠯᠵᠢᠬᠤ ᠭᠠᠴᠠᠭ᠎ᠠ ᠪᠠᠷ ᠡᠬᠡᠯᠵᠢᠯᠡᠨ ᠶᠠᠪᠣᠭᠳᠠᠵᠣ ᠡᠨᠡ ᠵᠢᠯ ᠬᠤᠷᠢᠨ ᠳᠦᠷᠪᠡᠳᠡᠬᠢ ᠬᠤᠭᠤᠴᠠᠭ᠎ᠠ ᠪᠠᠨ ᠣᠭᠳᠣᠵᠦ ᠰᠢᠯᠣᠭ᠌ ᠳᠠᠭᠤᠣ ᠳᠤ ᠪᠠᠨ ᠠᠪᠢᠶᠠᠰ ᠲᠠᠢ ᠣᠷᠠᠨ ᠪᠦᠳᠣᠭᠡᠯᠴᠢᠳ ᠤᠨ ᠢᠳᠡᠪᠬᠢᠵᠢᠯ ᠢ ᠳᠠᠶᠢᠴᠢᠯᠠᠵᠦ ᠮᠤᠩᠭᠤᠯ ᠰᠢᠯᠦᠭ ᠤᠨ ᠰᠠᠩ ᠤᠨ ᠲᠤᠲᠤᠷᠠᠬᠢ ᠭᠠᠶᠢᠬᠠᠯᠲᠠᠢ ᠬᠤᠱᠤᠩᠨᠠᠯ᠂ ᠮᠠᠭᠲᠠᠭᠠᠯ ᠰᠠᠶᠢᠰᠢᠶᠠᠯ ᠤᠯᠠᠨ ᠵᠦᠢᠯ ᠤᠨ ᠳᠦᠷᠣᠯ ᠬᠡᠯᠪᠡᠷᠢ ᠶᠢ ᠣᠶᠠᠯᠳᠣᠭᠤᠯᠣᠨ ︽ᠭᠠᠯᠠᠭᠤᠳᠣ ᠠᠮᠠᠨ ᠰᠢᠯᠣᠭ᠌︾ ᠤᠨ ᠰᠣᠶᠣᠯ ᠢ ᠶᠡᠬᠡᠪᠡᠷ ᠬᠦᠭᠵᠢᠬᠦᠯᠣᠭ᠍ᠰᠡᠨ ᠤᠯᠠᠨ ᠲᠦᠮᠡᠨᠴᠢ ᠴᠢᠨᠠᠷᠲᠠᠢ ᠰᠢᠯᠦᠭ ᠤᠨ ᠴᠣᠭᠯᠠᠭᠠᠨ ᠪᠣᠯᠣᠭᠰᠠᠨ ᠪᠠᠶᠢᠨ᠎ᠠ᠃
     ︽ᠭᠠᠯᠠᠭᠤᠳᠣ︾ ᠰᠢᠯᠣᠭ᠌ ᠳᠠᠭᠤᠣ ᠶᠢᠨ ᠴᠣᠭᠯᠠᠭᠠᠨ ᠢ ᠡᠬᠦᠰᠬᠡᠨ ᠪᠠᠶᠢᠭᠤᠯᠣᠭᠴᠢ᠂ ᠬᠤᠰᠢᠭᠤ ᠵᠤᠬᠢᠶᠠᠯᠴᠢᠳ ᠤᠨ ᠡᠪᠯᠡᠯ ᠤᠨ ᠲᠡᠷᠢᠭᠦᠯᠡᠭᠴᠢ ᠵᠠᠩᠭᠠᠨᠤᠷᠪᠤ᠄ ︽ᠮᠠᠨ ᠤ ᠭᠠᠯᠠᠭᠤᠲᠤ ᠰᠢᠯᠦᠭ ᠪᠤᠯ ᠠᠮᠠᠨ ᠰᠢᠯᠦᠭ  ᠤᠨ ᠭᠡᠯᠪᠡᠷᠢ ᠪᠠᠷ ᠶᠠᠪᠤᠭᠳᠠᠵᠤ  ᠠᠮᠠᠨ ᠰᠢᠯᠦᠭ ᠪᠤᠯ ᠰᠢᠭᠤᠳ ᠠᠪᠤᠭᠰᠠᠭᠠᠷ ᠰᠢᠯᠦᠭᠯᠡᠬᠦ ᠡᠶᠢᠮᠦ ᠭᠠᠶᠢᠬᠠᠯᠲᠠᠢ ᠵᠦᠢᠯ ᠪᠠᠶᠢᠳᠠᠭ᠃ ᠡᠨᠡ ᠨᠢ ᠮᠠᠨ ᠤ ᠮᠤᠩᠭᠤᠯ ᠬᠦᠮᠦᠨ ᠤ ᠡᠷᠲᠡᠨ ᠠᠴᠠ ᠤᠯᠠᠮᠵᠢᠯᠠᠭᠠᠳ ᠢᠷᠡᠭᠰᠡᠨ ᠰᠢᠯᠦᠭ ᠢᠶᠠᠷ ᠤᠭ ᠰᠤᠶᠤᠯ ᠢᠶᠠᠨ ᠴᠡᠭᠡᠵᠢᠯᠡᠬᠦ᠂ ᠴᠢᠮᠡᠭᠡ ᠵᠠᠩᠬᠢ ᠶᠢ ᠨᠡᠪᠲᠡᠷᠡᠭᠦᠯᠬᠦ᠂ ᠬᠦᠮᠦᠨ ᠢ ᠲᠦᠷᠰᠦᠯᠡᠬᠦ ᠡᠶᠢᠮᠦ ᠤᠨᠴᠠᠯᠢᠭ ᠰᠢᠨᠵᠢ  ᠶᠢ ᠦᠨᠦᠳᠦᠷ ᠭᠦᠷᠲᠡᠯ᠎ᠡ ᠬᠠᠳᠠᠭᠠᠯᠠᠵᠤ ᠪᠠᠶᠢᠭ᠎ᠠ ᠭᠡᠵᠦ ᠦᠵᠡᠵᠦ ᠪᠠᠶᠢᠨ᠎ᠠ᠃ ᠲᠠᠷᠠᠭ᠎ᠠ ᠲᠠᠷᠠᠭ᠎ᠠ ᠵᠢᠯ ᠠᠴᠠ ᠡᠬᠦᠨ ᠢ ᠦᠭᠡᠷᠡᠴᠢᠯᠡᠭᠡᠳ ᠰᠢᠯᠦᠭ ᠪᠢᠴᠢᠵᠤ ᠠᠪᠴᠢᠷᠠᠭᠠᠳ ᠤᠷᠤᠯᠳᠤᠭᠠᠨ ᠳᠤ ᠤᠷᠤᠯᠴᠠᠵᠦ ᠲᠠᠷᠠᠭ᠎ᠠ ᠨᠢ ᠭᠠᠷᠴᠠᠭ ᠠᠪᠴᠤ ᠪᠡᠯᠡᠨ ᠰᠢᠯᠦᠭ ᠪᠢᠴᠢᠭᠡᠳ ᠤᠷᠤᠯᠳᠤᠭᠤᠯᠬᠤ ᠪᠠᠷ ᠲᠦᠰᠦᠪᠯᠡᠵᠦ ᠪᠠᠶᠢᠭ᠎ᠠ ᠶᠤᠮ᠃ ᠡᠨᠡ ᠨᠢ ᠰᠢᠯᠦᠭ ᠤᠨ ᠰᠤᠷᠢᠯᠳᠠ ᠬᠢᠬᠦ᠂ ᠰᠢᠯᠦᠭᠴᠢᠳ ᠢ ᠪᠤᠯᠪᠠᠰᠤᠷᠠᠯ ᠭᠦᠷᠲᠡᠭᠡᠬᠦ᠂ ᠲᠡᠭᠦᠨ ᠤ ᠤᠷ᠎ᠠ ᠠᠪᠢᠶᠠᠰ ᠢ ᠤᠯᠠᠮ ᠪᠠᠳᠠᠷᠠᠭᠤᠯᠬᠤ ᠶᠤᠮ ᠭᠡᠵᠦ ᠪᠤᠳᠤᠵᠤ ᠪᠠᠶᠢᠨ᠎ᠠ︾ ᠬᠡᠪᠡ᠃
     ᠡᠨ᠋ᠨ ᠣᠳᠠᠭᠠᠨ ᠤ ᠰᠢᠯᠣᠭ᠌ ᠳᠠᠭᠤᠨ ᠤ ᠣᠷᠣᠯᠳᠣᠭᠠᠨ ᠳᠡᠭᠡᠷ᠎ᠡ ᠪᠠᠰᠠ ᠣᠷᠣᠨ ᠨᠣᠳᠤᠭ ᠤᠨ ᠠᠮᠠᠨ ᠵᠣᠬᠢᠶᠠᠯ  ᠢ ᠦᠪᠯᠡᠨ ᠣᠯᠠᠮᠵᠢᠯᠠᠬᠤ ᠣᠶᠢᠯᠡᠰ ᠵᠢᠴᠢ ︽ᠭᠠᠯᠠᠭᠤᠳᠣ︾ ᠶᠢᠨ ᠪᠠᠯᠠᠨ ᠰᠢᠯᠣᠭ᠌ ᠤᠨ ᠦᠪ ᠤᠨ ᠰᠠᠩ ᠳᠤ ᠣᠨᠴᠠᠭᠠᠢ ᠬᠤᠪᠢ ᠨᠠᠮᠠᠷᠢ ᠦᠵᠡᠬᠦᠯᠣᠭ᠍ᠰᠠᠨ ᠵᠠᠩᠭᠠᠨᠣᠷᠪᠤ᠂ ᠵᠠᠩᠭᠠᠪᠠᠭᠠᠳᠣᠷ᠂ ᠷ᠊᠂ ᠲᠠᠩᠬᠢᠰ ᠵᠡᠷᠭᠡ 5 ᠬᠦᠮᠣᠨ ᠪᠣᠯᠣᠨ ︽ᠭᠠᠯᠠᠭᠤᠳᠣ︾ ᠰᠢᠯᠣᠭ᠌ ᠤᠨ ᠦᠪ ᠤᠨ ᠰᠠᠩ ᠳᠤ ᠬᠠᠮᠤᠭ ᠤᠨ ᠰᠢᠯᠢᠳᠡᠭ ᠪᠦᠳᠣᠭᠡᠯ ᠳᠣᠭᠤᠷᠪᠢᠭᠰᠠᠨ ᠰᠢᠯᠣᠭ᠍ᠴᠢ ᠰᠡᠶ᠋ᠢᠩᠭᠤᠶᠢᠷᠣᠪ ᠢ ᠴᠣᠯᠡᠯᠡᠨ ᠬᠦᠭᠢᠬᠦᠯᠣᠭ᠍ᠰᠠᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号