ᠠᠮᠢᠳᠤᠷᠠᠯ ᠢ ᠤᠬᠠᠭᠠᠨ ᠢᠶᠠᠷ ᠰᠡᠶᠢᠯᠳᠡᠭ ᠤᠷᠠᠨ ᠲᠠᠷᠬᠠᠨ
ᠨᠡᠶᠢᠲᠡᠯᠡᠭᠰᠡᠨ ᠴᠠᠭ᠄
2019-09-18
        — ᠠᠷᠠᠰᠤᠨ ᠡᠳ᠋ᠯᠡᠯ ᠠᠳᠤᠭᠤᠨ ᠰᠤᠶᠤᠯ ᠤᠨ ᠤᠷᠤᠨ               ᠤ ᠳᠡᠰ ᠤᠨ ᠪᠤᠳᠠᠰ ᠤᠨ ᠪᠤᠰᠤ ᠰᠤᠶᠤᠯ ᠤᠨ ᠥᠪ ᠤᠨ               ᠤᠯᠠᠮᠵᠢᠯᠠᠭᠴᠢ ᠡᠷᠳᠡᠨᠢᠪᠠᠶᠠᠷ ᠢ ᠳᠡᠮᠳᠡᠭᠯᠡᠪᠡ      ᠭᠥᠬᠡ ᠳᠡᠭᠷᠢ ᠬᠥᠰᠢᠬᠡ ᠪᠠᠨ ᠰᠡᠬᠦᠵᠤ᠂ ᠬᠥᠷᠥᠰᠤᠳᠤ ᠭᠠᠵᠠᠷ ᠬᠥᠴᠥ ᠨᠡᠮᠡᠭᠰᠡᠨ ᠠᠯᠳᠠᠨ ᠰᠢᠷᠭᠠᠯ ᠨᠠᠮᠤᠷ ᠤᠨ ᠡᠨᠡ ᠰᠠᠶᠢᠬᠠᠨ ᠤᠯᠠᠷᠢᠯ ᠳᠤ ᠮᠠᠨ ᠤ ᠬᠤᠳᠠ ᠰᠤᠶᠤᠯ ᠤᠨ ᠠᠵᠤ ᠥᠢᠯᠡᠰ ᠤᠨ ᠥᠵᠡᠰᠬᠦᠯᠡᠩ ᠰᠤᠯᠢᠯᠴᠠᠭ᠎ᠠ᠂ ᠳᠠᠯ᠎ᠠ ᠨᠤᠳᠤᠭ ᠤᠨ ᠳᠤᠷᠭᠠᠨ ᠵᠠᠮ ᠤᠨ ᠰᠤᠶᠤᠯ ᠵᠤᠭᠠᠴᠠᠯ ᠤᠨ ᠨᠠᠶᠢᠷ ᠵᠡᠷᠭᠡ ᠡᠯᠪᠡᠭ ᠪᠠᠶᠠᠯᠢᠭ ᠠᠭᠤᠯᠭ᠎ᠠ ᠪᠥᠬᠦᠢ ᠠᠵᠢᠯᠯᠠᠭ᠎ᠠ ᠨᠤᠭᠤᠳ ᠢ ᠥᠷᠨᠢᠬᠦᠯᠵᠤ᠂ ᠬᠥᠮᠥᠨ ᠠᠷᠠᠳ ᠢᠶᠠᠨ ᠪᠠᠶᠠᠰᠬᠠᠨ ᠨᠤᠳᠤᠭ ᠤᠷᠤᠨ ᠤ ᠪᠠᠨ ᠰᠤᠶᠤᠯ ᠳᠡᠤᠬᠡ ᠪᠠᠨ ᠭᠠᠳᠠᠭᠰᠢ ᠤᠬᠠᠭᠤᠯᠤᠨ ᠳᠠᠨᠢᠯᠴᠠᠭᠤᠯᠬᠤ ᠶᠢᠨ ᠬᠠᠮᠳᠤ ᠰᠤᠶᠤᠯ ᠳᠡᠤᠬᠡ ᠶᠢᠨ ᠵᠥᠢᠯᠡᠰ ᠢ ᠳᠡᠯᠬᠡᠨ ᠥᠵᠡᠬᠦᠯᠭᠦ ᠳᠤᠰᠬᠠᠢ ᠳᠠᠪᠴᠠᠩ ᠢ ᠭᠠᠷᠭᠠᠭᠠᠳ᠂ ᠨᠢᠬᠡ ᠪᠥᠯᠥᠭ ᠪᠤᠳᠠᠰ ᠤᠨ ᠪᠤᠰᠤ ᠰᠤᠶᠤᠯ ᠤᠨ ᠥᠪ ᠤᠨ ᠤᠯᠠᠮᠵᠢᠯᠠᠭᠴᠢ ᠨᠠᠷ ᠤᠨ ᠤᠷ᠎ᠠ ᠮᠡᠷᠭᠡᠵᠢᠯ ᠢᠶᠠᠷ ᠠᠮᠢᠯᠠᠭᠳᠠᠨ ᠪᠥᠳᠥᠬᠡᠭᠳᠡᠭᠰᠡᠨ ᠰᠤᠳᠤᠨ ᠵᠥᠢᠯᠡᠰ ᠢ ᠳᠡᠯᠡᠬᠡᠢ ᠨᠠᠶᠢᠳᠠ ᠶᠢᠨ ᠬᠠᠷᠠᠭᠠᠨ ᠳᠤ ᠲᠤᠳᠤᠷᠠᠭᠤᠯᠵᠦ ᠪᠢᠯᠡ᠃ ᠡᠷᠳᠡᠨᠢᠪᠠᠶᠠᠷ ᠭᠤᠸᠠᠢ ᠪᠤᠯ ᠶᠠᠭ ᠡᠳᠡᠬᠡᠷ ᠳᠡᠯᠬᠡᠨ ᠥᠵᠡᠬᠦᠯᠬᠡ ᠳᠤ ᠪᠡᠶᠡᠴᠢᠯᠡᠨ ᠤᠷᠤᠯᠴᠠᠵᠤ᠂ ᠥᠨᠳᠥᠰᠥᠳᠡᠨ ᠤ ᠤᠯᠠᠮᠵᠢᠯᠠᠯᠳᠤ ᠰᠤᠶᠤᠯ ᠤᠨ ᠪᠥᠳᠥᠬᠡᠭᠳᠡᠬᠦᠨ ᠪᠤᠯᠬᠤ ᠤᠷᠠᠯᠢᠭ ᠬᠢᠴᠡᠲᠠᠢ ᠠᠷᠠᠰᠤᠨ ᠡᠳ᠋ᠯᠡᠯ ᠢ ᠤᠷᠠᠨ ᠭᠠᠷ᠂ ᠤᠶᠤᠨ ᠳᠠᠷᠢᠬᠢ᠂ ᠰᠡᠳᠬᠢᠯ ᠤᠨ ᠳᠠᠮᠢᠷ ᠲᠠᠭᠠᠨ ᠳᠥᠰᠢᠭᠯᠡᠨ ᠠᠮᠢᠯᠠᠨ ᠪᠦᠳᠦᠭᠡᠵᠦ ᠳᠡᠯᠬᠡᠨ ᠥᠵᠡᠬᠦᠯᠭᠦ ᠶᠢᠨ ᠬᠠᠮᠳᠤ ᠥᠪᠡᠷ ᠤᠨ ᠰᠤᠷᠴᠤ ᠡᠵᠡᠮᠰᠢᠭᠰᠡᠨ ᠤᠷ᠎ᠠ ᠮᠡᠷᠭᠡᠵᠢᠯ ᠢᠶᠠᠨ ᠵᠠᠯᠠᠭᠤ ᠨᠢᠬᠡ ᠥᠶ᠎ᠠ ᠶᠢᠨ ᠬᠢᠨ ᠲᠠᠢ ᠪᠠᠨ ᠬᠤᠪᠢᠶᠠᠯᠴᠠᠵᠤ᠂ ᠥᠨᠳᠥᠰᠥᠳᠡᠨ ᠤ ᠭᠠᠷ ᠤᠷᠠᠯᠠᠯ ᠤᠨ ᠰᠢᠯᠢᠳᠡᠭ ᠰᠤᠶᠤᠯ ᠢ ᠨᠡᠩ ᠴᠢᠨᠠᠭᠰᠢᠳᠠ ᠥᠪᠯᠡᠨ ᠵᠠᠯᠭᠠᠮᠵᠢᠯᠠᠬᠤ ᠳᠤ ᠬᠤᠪᠢ ᠨᠡᠮᠡᠷᠢ ᠪᠠᠨ ᠦᠵᠡᠬᠦᠯᠬᠦ ᠪᠠᠷ ᠴᠢᠷᠮᠠᠶᠢᠵᠦ ᠶᠠᠪᠤᠭ᠎ᠠ ᠨᠢᠭᠡ ᠨᠢ ᠪᠢᠯᠡ᠃ ᠳᠡᠷᠡ ᠪᠠᠷ 2016 ᠤᠨ ᠳᠤ ᠠᠷᠠᠰᠤᠨ ᠡᠳ᠋ᠯᠡᠯ ᠠᠳᠤᠭᠤᠨ ᠰᠤᠶᠤᠯ ᠤᠨ ᠤᠷᠤᠨ ᠤ ᠳᠡᠰ ᠤᠨ ᠪᠤᠳᠠᠰ ᠤᠨ ᠪᠤᠰᠤ ᠰᠤᠶᠤᠯ ᠤᠨ ᠥᠪ ᠤᠨ ᠤᠯᠠᠮᠵᠢᠯᠠᠭᠴᠢ ᠪᠠᠷ ᠥᠨᠡᠯᠡᠭᠳᠡᠭᠰᠡᠨ ᠠᠴᠠ ᠬᠤᠶᠢᠰᠢ ᠥᠨᠳᠥᠰᠥᠳᠡᠨ ᠤ ᠰᠤᠳᠤᠨ ᠰᠤᠶᠤᠯ ᠤᠨ ᠨᠢᠬᠡ ᠪᠤᠯᠬᠤ ᠠᠷᠠᠰᠤᠨ ᠡᠳ᠋ᠯᠡᠯ ᠤᠨ ᠥᠢᠯᠡᠰ ᠢᠶᠠᠨ ᠳᠡᠯᠡᠬᠡᠢ ᠶᠢᠨ ᠲᠥᠮᠡᠨ ᠳᠤ ᠳᠠᠭᠤᠷᠢᠰᠣᠭᠤᠯᠤᠨ ᠳᠠᠨᠢᠭᠤᠯᠬᠤ ᠪᠠᠷ ᠳᠡᠮᠡᠤᠯᠤᠨ ᠴᠢᠷᠮᠠᠶᠢᠭᠰᠠᠭᠠᠷ ᠢᠷᠡᠵᠠᠢ᠃
     ᠡᠷᠳᠡᠨᠢᠪᠠᠶᠠᠷ ᠪᠤᠯ ᠥᠤᠰᠢᠨ ᠬᠤᠰᠢᠭᠤᠨ ᠤ ᠱᠠᠷᠯᠢᠭ ᠰᠤᠮᠤᠨ ᠤ ᠪᠤᠷᠤᠬᠦ᠋ᠳᠡᠭᠡ ᠭᠠᠴᠠᠭ᠎ᠠ ᠪᠠᠷ ᠨᠤᠳᠤᠭ ᠲᠠᠢ ᠃ ᠡᠳᠡ ᠤ ᠬᠢᠨ ᠡᠯᠤᠨᠴᠠ ᠶᠢᠨ ᠥᠶ᠎ᠠ ᠠᠴᠠ ᠪᠠᠨ ᠡᠬᠢᠯᠡᠬᠡᠳ ᠠᠷᠠᠰᠤᠨ ᠤᠷᠠᠯᠠᠯ ᠬᠢᠭᠦ ᠳᠤ ᠶᠡᠬᠡᠳᠡ ᠴᠠᠭᠠᠷᠠᠵᠤ᠂ ᠡᠷᠳᠡᠨᠢᠪᠠᠶᠠᠷ ᠪᠤᠯ ᠡᠨᠡ ᠤᠭᠰᠠᠭ᠎ᠠ ᠲᠥᠷᠥᠯ ᠤᠨ ᠢᠶᠠᠨ ᠲᠥᠷᠪᠡᠳᠥᠬᠡᠷ ᠥᠶ᠎ᠠ ᠶᠢᠨ ᠠᠷᠠᠰᠤᠨ ᠤᠷᠠᠯᠠᠯ ᠤᠨ ᠤᠯᠠᠮᠵᠢᠯᠠᠭᠴᠢ ᠪᠤᠯᠤᠨ᠎ᠠ᠃ ᠳᠡᠷᠡ ᠶᠢᠰᠥᠨ ᠨᠠᠰᠤᠨ ᠠᠴᠠ ᠡᠬᠢᠯᠡᠨ ᠠᠷᠠᠰᠤᠨ ᠡᠳ᠋ᠯᠡᠯ ᠬᠢᠭᠦ ᠮᠡᠷᠬᠡᠵᠢᠯ ᠢ ᠰᠤᠷᠴᠤ᠂ ᠶᠡᠭᠡ ᠬᠠᠮᠳᠤ ᠶᠢᠨ ᠥᠶ᠎ᠠ ᠳᠤ ᠬᠠᠰᠠᠭ ᠤᠨᠤᠭᠠᠨ ᠤ ᠳᠡᠬᠡᠰᠤ ᠪᠤᠷᠠᠨᠳᠠᠭ ᠠᠴᠠ ᠡᠬᠢᠯᠡᠨ ᠭᠠᠷ ᠤᠷᠤᠭᠰᠠᠨ ᠪᠠᠶᠢᠪᠠ᠃      ︽1994 ᠤᠨ ᠳᠤ ᠴᠢᠩᠬᠢᠰ ᠤᠨ ᠤᠡᠭᠭᠤᠨ ᠤ ᠵᠢᠷᠭᠤᠭᠠᠨ ᠰᠠᠷ᠎ᠠ ᠶᠢᠨ ᠬᠤᠷᠢᠨ ᠨᠢᠬᠡᠨ ᠤ ︿ᠴᠠᠭᠠᠨ ᠰᠥᠷᠥᠭ ᠤᠨ ᠶᠡᠭᠡ ᠳᠠᠶᠢᠯᠭ᠎ᠠ﹀ ᠳᠤ ᠤᠷᠤᠯᠴᠠᠬᠤ ᠪᠠᠷ ᠪᠤᠷᠬᠠᠨ ᠠᠪᠤ ᠲᠠᠢ ᠪᠠᠨ ᠬᠠᠮᠳᠤ ᠪᠤᠭᠳᠠ ᠶᠢᠨ ᠤᠷᠤᠨ ᠢ ᠴᠢᠭᠯᠡᠵᠤ ᠬᠥᠷᠥᠭᠰᠡᠨ ᠪᠤᠯᠪᠠᠴᠤ ᠬᠠᠷᠢᠨ ᠳᠤᠬᠠᠢ ᠶᠢᠨ ᠥᠶᠡᠰ ᠤᠷᠳᠤᠰ ᠳᠤᠭᠠᠯᠠᠯ ᠢ ᠠᠷᠭ᠎ᠠ ᠶᠢᠨ ᠤᠯᠠᠷᠢᠯ ᠲᠠᠢ ᠬᠤᠳᠬᠤᠯᠳᠤᠭᠤᠯᠤᠭᠰᠠᠨ ᠠᠴᠠ ᠪᠤᠯᠵᠤ ᠳᠡᠷᠡ ᠵᠢᠯ ᠤᠨ ︿ᠴᠠᠭᠠᠨ ᠰᠥᠷᠥᠭ ᠤᠨ ᠶᠡᠭᠡ ᠳᠠᠶᠢᠯᠭ᠎ᠠ﹀ ᠳᠤ ᠤᠷᠤᠯᠴᠠᠵᠤ ᠴᠢᠳᠠᠭᠰᠠᠨ ᠥᠬᠡᠢ ᠪᠢᠯᠡ᠂ ᠬᠡᠪᠡᠴᠤ ᠳᠡᠷᠡ ᠥᠶᠡᠰ ᠪᠤᠭᠳᠠ ᠶᠢᠨ ᠤᠷᠤᠨ ᠳᠤ ᠢᠷᠡᠬᠡᠳ ᠥᠨᠳᠡᠬᠡᠨ ᠴᠠᠭᠠᠨ ᠲᠠᠢ ᠠᠵᠠ ᠪᠠᠷ ᠠᠭᠤᠯᠵᠠᠵᠤ᠂ ᠠᠳᠢᠰ ᠬᠥᠷᠳᠡᠬᠡᠳ ᠶᠡᠭᠡ ᠰᠡᠳᠬᠢᠯ ᠬᠥᠳᠥᠯᠥᠭᠰᠡᠨ᠂ ᠳᠠᠬᠢᠪᠠᠯ ᠠᠪᠤ ᠶᠢᠨ ᠢᠶᠠᠨ ᠬᠠᠭᠤᠴᠢᠯᠠᠯ ᠠᠴᠠ ᠥᠨᠳᠥᠰᠥᠯᠡᠭᠰᠡᠨ ᠪᠠ ᠳᠡᠤᠬᠡᠨ ᠳᠡᠮᠳᠡᠭᠯᠡᠯ ᠳᠠᠬᠢ ᠪᠤᠭᠳᠠ ᠡᠵᠡᠨ ᠴᠢᠩᠬᠢᠰ ᠬᠠᠭᠠᠨ ᠤ ᠬᠡᠷᠡᠭᠯᠡᠵᠤ ᠪᠠᠶᠢᠭᠰᠠᠨ ︿ᠠᠯᠳᠠᠨ ᠳᠠᠰᠢᠭᠤᠷ﹀ ᠳᠡᠨᠳᠡ ᠬᠠᠷᠠᠭᠳᠠᠬᠤ ᠥᠬᠡᠢ ᠪᠠᠶᠢᠬᠤ ᠶᠢ ᠮᠡᠳᠡᠬᠡᠳ ᠬᠤᠵᠢᠮ ᠨᠢ ᠴᠢᠩᠬᠢᠰ ᠬᠠᠭᠠᠨ ᠤ ᠤᠡᠭᠭᠤᠨ ᠳᠤ ᠥᠪᠡᠷ ᠤᠨ ᠭᠠᠷ ᠢᠶᠠᠷ ᠢᠶᠠᠨ ᠤᠷᠠᠯᠠᠵᠤ ᠬᠢᠭᠰᠡᠨ ᠳᠠᠰᠢᠭᠤᠷ ᠢ ᠪᠡᠯᠡᠭ ᠪᠤᠯᠭᠠᠨ ᠥᠭᠭᠦ ᠪᠠᠷ ᠵᠤᠷᠢᠭ ᠰᠢᠢᠳᠥᠬᠡᠳ ᠨᠤᠳᠤᠭ ᠲᠠᠭᠠᠨ ᠪᠤᠴᠠᠭᠰᠠᠨ ᠶᠤᠮ︾ ᠬᠡᠵᠤ ᠡᠷᠳᠡᠨᠢᠪᠠᠶ᠋ᠷ ᠭᠤᠸᠠᠢ ᠶᠡᠷᠡᠬᠡᠳ ᠤᠨ ᠠᠴᠠ ᠡᠬᠢᠯᠡᠨ ᠪᠤᠭᠳᠠ ᠶᠢᠨ ᠤᠷᠤᠨ ᠳᠤ ︽ᠠᠯᠳᠠᠨ ᠳᠠᠰᠢᠭᠤᠷ︾ ᠬᠢᠵᠤ ᠥᠭᠭᠦ ᠬᠥᠰᠡᠯ ᠳᠡᠮᠡᠤᠯᠤᠯ ᠳᠡᠭᠡᠨ ᠬᠥᠳᠥᠯᠥᠭᠳᠡᠨ᠂ ᠡᠪᠦᠭᠡ ᠳᠡᠬᠡᠳᠤᠰ ᠠᠴᠠ ᠦᠯᠡᠳᠡᠭᠡᠭᠰᠡᠨ ᠥᠪ ᠰᠤᠶᠤᠯ ᠢᠶᠠᠨ ᠤᠯᠠᠮᠵᠢᠯᠠᠨ ᠵᠠᠯᠭᠠᠮᠵᠢᠯᠠᠵᠤ ᠥᠪᠯᠡᠨ ᠭᠥᠭᠵᠢᠬᠦᠯᠥᠶ᠎ᠠ ᠬᠡᠳ ᠪᠥᠭᠦ ᠬᠥᠴᠥᠨ ᠢᠶᠠᠷ ᠢᠶᠠᠨ ᠠᠳᠤᠭᠤᠨ ᠰᠤᠶᠤᠯ ᠠᠷᠠᠰᠤᠨ ᠡᠳ᠋ᠯᠡᠯ ᠬᠢᠭᠦ ᠵᠠᠮ ᠢᠶᠠᠨ ᠡᠯᠬᠦᠭᠰᠡᠨ ᠢᠶᠠᠨ ᠡᠶᠢᠨ ᠭᠦ ᠡᠷᠬᠢᠴᠡᠬᠦᠯᠵᠤ ᠪᠠᠶᠢᠯ᠎ᠠ᠃
    ︽ᠰᠠᠨᠠᠵᠦ ᠪᠠᠶᠢᠪᠠᠯ ᠪᠦᠳᠦᠨ᠎ᠠ᠂ ᠰᠠᠵᠢᠯᠡᠵᠦ ᠪᠠᠶᠢᠪᠠᠯ ᠬᠦᠷᠦᠨ᠎ᠠ︾ ᠬᠡᠳᠡᠭ ᠢᠶᠠᠷ ᠡᠷᠳᠡᠨᠢᠪᠠᠶᠠᠷ ᠭᠤᠸᠠᠢ ᠤᠯᠠᠨ ᠵᠢᠯ ᠤᠨ ᠳᠤᠷᠰᠢᠳᠠ ᠪᠤᠳᠤᠯ ᠬᠢᠳᠡᠯ ᠢᠶᠠᠨ ᠨᠢᠬᠡᠳᠬᠡᠵᠤ ᠮᠤᠬᠤᠰᠢ ᠥᠬᠡᠢ ᠴᠢᠷᠮᠠᠶᠢᠭᠰᠠᠨ ᠢᠶᠠᠷ ᠪᠤᠭᠳᠠ ᠶᠢᠨ ᠤᠷᠤᠨ ᠳᠤ ︽ᠠᠯᠳᠠᠨ ᠳᠠᠰᠢᠭᠤᠷ︾ ᠬᠢᠵᠤ ᠥᠭᠭᠦ ᠲᠡᠷᠡ ᠭᠦ ᠬᠥᠰᠡᠯ ᠨᠢ 2015 ᠤᠨ ᠳᠤ ᠰᠡᠳᠭᠢᠯᠴᠢᠯᠡᠨ ᠪᠡᠶᠡᠯᠡᠭᠳᠡᠪᠠ᠃ ᠲᠡᠷᠡ 2015 ᠤᠨ ᠳᠤ ᠴᠢᠩᠬᠢᠰ ᠬᠠᠭᠠᠨ ᠤ ᠤᠡᠭᠭᠤᠨ ᠳᠤ 2 ᠮᠤᠷᠢᠨ ᠳᠠᠰᠢᠭᠤᠷ᠂ 1 ᠤᠯᠠᠭᠠᠨ ᠮᠤᠳᠤᠨ ᠬᠢᠴᠡ ᠲᠠᠢ ᠳᠡᠩᠰᠡᠨ ᠳᠠᠰᠢᠭᠤᠷ ᠢ ᠪᠡᠯᠡᠭ ᠪᠤᠯᠭᠠᠨ ᠥᠭᠭᠦᠭᠰᠡᠨ ᠢᠶᠠᠷ ᠥᠯᠤ ᠪᠠᠷᠠᠮ ︽ᠥᠨᠳᠡᠬᠡᠨ ᠴᠠᠭᠠᠨ︾ ᠤ ᠡᠮᠡᠬᠡᠯ ᠳᠠᠬᠢ ᠤᠯᠤᠩ ᠵᠢᠷᠢᠮ ᠵᠡᠷᠭᠡ ᠶᠢᠨ ᠰᠤᠷ ᠡᠳ᠋ᠯᠡᠯ ᠤᠨ ᠵᠥᠢᠯᠡᠰ ᠢ ᠴᠤ ᠤᠷᠠᠯᠠᠵᠤ ᠬᠢᠭᠰᠡᠨ ᠪᠠᠶᠢᠪᠠ᠃ ᠳᠡᠬᠦᠨ ᠤ ᠤᠷᠠᠯᠠᠵᠤ ᠬᠢᠭᠰᠡᠨ ᠰᠤᠷ ᠡᠳ᠋ᠯᠡᠯ ᠨᠢ ᠤᠯᠠᠨ ᠵᠥᠢᠯ ᠤᠨ ᠤᠯᠠᠮᠵᠢᠯᠠᠯᠳᠤ ᠬᠥᠷᠥᠮᠡᠯ ᠠᠷᠭ᠎ᠠ ᠮᠠᠶ᠋ᠢᠭ ᠢᠶᠠᠷ ᠤᠷᠠᠯᠠᠭᠳᠠᠨ ᠪᠥᠳᠥᠬᠡᠭᠳᠡᠵᠤ᠂ ᠤᠳᠤᠬᠠᠨ ᠪᠤᠯᠳᠠᠯ᠎ᠠ ᠬᠠᠵᠠᠭᠠᠷ ᠨᠤᠭᠳᠤ᠂ ᠳᠡᠬᠡᠰᠤ ᠴᠤᠯᠪᠤᠭᠤᠷ᠂ ᠴᠢᠳᠤᠷ ᠲᠤᠰᠢᠶ᠎ᠠ᠂ ᠤᠯᠤᠩ ᠵᠢᠷᠢᠮ ᠵᠡᠷᠭᠡ 100 ᠬᠢᠷᠢᠲᠠᠢ ᠠᠷᠠᠰᠤᠨ ᠡᠳ᠋ᠯᠡᠯ ᠢ ᠤᠷᠠᠯᠠᠨ ᠬᠢᠭᠰᠡᠨ ᠪᠠᠶᠢᠨ᠎ᠠ᠃    ᠤᠯᠠᠨ ᠵᠢᠯ ᠤᠨ ᠳᠤᠷᠰᠢ ᠳᠡᠷᠡ ᠮᠤᠩᠭᠤᠯ ᠥᠨᠳᠥᠰᠥᠳᠡᠨ ᠤ ᠤᠯᠠᠮᠵᠢᠯᠠᠯᠳᠤ ᠰᠤᠶᠤᠯ ᠤᠨ ᠵᠥᠢᠯᠡᠰ ᠬᠡᠬᠡᠭᠳᠡᠨ ᠤᠷᠬᠢᠭᠳᠠᠵᠦ ᠪᠠᠶᠢᠭ᠎ᠠ ᠶᠢ ᠬᠠᠷᠠᠭᠠᠳ ᠵᠦᠪᠬᠡᠨ ᠥᠪᠡᠷ ᠤᠨ ᠭᠠᠷ ᠢᠶᠠᠷ ᠢᠶᠠᠨ ᠬᠢᠪᠡᠯ ᠪᠤᠯᠴᠢᠬᠠᠬᠤ ᠪᠢᠰᠢ ᠬᠡᠳᠡᠭ ᠢ ᠮᠡᠳᠡᠵᠦ᠂ ᠨᠥᠬᠦᠴᠡᠯ ᠪᠤᠯᠤᠯᠴᠠᠭ᠎ᠠ ᠲᠠᠢ ᠥᠶ᠎ᠠ ᠳᠤ ᠠᠷᠠᠰᠤᠨ ᠡᠳ᠋ᠯᠡᠯ ᠳᠤ ᠳᠤᠷ᠎ᠠ ᠪᠠᠬ᠎ᠠ ᠲᠠᠢ ᠬᠥᠮᠥᠰ ᠲᠤ ᠥᠪᠡᠷ ᠤᠨ ᠰᠤᠷᠴᠤ ᠡᠵᠡᠮᠰᠢᠭᠰᠡᠨ ᠮᠠᠷᠬᠡᠵᠢᠯ ᠢᠶᠠᠨ ᠵᠢᠭᠠᠵᠦ ᠦᠭᠬᠦ ᠪᠠᠷ ᠴᠢᠷᠮᠠᠶᠢᠵᠦ᠂ 2017 ᠤᠨ ᠠᠴᠠ ᠨᠠᠭᠠᠰᠢ ᠥᠤᠰᠢᠨ ᠬᠤᠰᠢᠭᠤᠨ ᠤ ᠱᠠᠷᠯᠢᠭ ᠭᠤᠤᠯᠳᠠᠯᠭᠠᠳᠤ ᠪᠠᠭ᠎ᠠ ᠰᠤᠷᠭᠠᠭᠤᠯᠢ᠂ ᠥᠤᠰᠢᠨ ᠬᠤᠰᠢᠭᠤᠨ ᠤ ᠮᠤᠩᠭᠤᠯ ᠥᠨᠳᠥᠰᠥᠳᠡᠨ ᠤ ᠪᠠᠭ᠎ᠠ ᠰᠤᠷᠭᠠᠭᠤᠯᠢ ᠨᠤᠭᠤᠳ ᠢᠶᠠᠷ ᠬᠥᠷᠴᠤ ᠠᠷᠠᠰᠤᠨ ᠤᠷᠠᠯᠠᠯ ᠤᠨ ᠳᠤᠰᠬᠠᠢ ᠬᠢᠴᠢᠶᠡᠯᠯᠡᠭᠡ ᠬᠢᠵᠤ ᠡᠬᠢᠯᠡᠭᠰᠡᠨ ᠮᠥᠷᠳᠡᠬᠡᠨ ᠥᠷ᠎ᠠ ᠬᠡᠤᠬᠡᠳ ᠨᠢ ᠴᠤ ᠠᠪᠤ ᠶᠢᠨ ᠢᠶᠠᠨ ᠥᠢᠯᠡᠰ ᠢ ᠵᠠᠯᠭᠠᠮᠵᠢᠯᠠᠨ᠂ ᠥᠷᠬᠡᠵᠢᠬᠦᠯᠥᠨ ᠭᠥᠭᠵᠢᠭᠦᠯᠭᠦ ᠬᠥᠰᠡᠯ ᠢ ᠨᠢ ᠪᠡᠶᠡᠯᠡᠭᠦᠯᠦᠭᠰᠡᠨ ᠪᠠᠶᠢᠨ᠎ᠠ᠃ ᠳᠡᠷᠡ ᠥᠪᠡᠷ ᠤᠨ ᠬᠢᠭᠰᠡᠨ ᠪᠥᠳᠥᠬᠡᠭᠳᠡᠬᠦᠨ ᠢᠶᠠᠨ ᠨᠡᠩ ᠤᠯᠠᠨ ᠬᠥᠮᠥᠰ ᠲᠤ ᠮᠡᠳᠡᠬᠦᠯᠭᠦ ᠴᠢᠬᠤᠯᠠ ᠲᠠᠢ ᠬᠡᠳᠡᠭ ᠢ ᠤᠬᠠᠵᠤ᠂ ᠠᠳᠤᠭᠤᠨ ᠰᠤᠶᠤᠯ ᠠᠷᠠᠰᠤᠨ ᠡᠳ᠋ᠯᠡᠯ ᠤᠨ ᠪᠥᠳᠥᠬᠡᠯ ᠢᠶᠠᠨ ᠵᠠᠬ᠎ᠠ ᠳᠡᠯᠬᠡᠬᠦᠷ ᠲᠤ ᠭᠠᠷᠭᠠᠨ᠂ ᠤᠷᠳᠤᠰ᠂ ᠪᠤᠭᠤᠳᠤ᠂ ᠬᠥᠬᠡᠬᠤᠳᠠ᠂ ᠰᠢᠯᠢᠨᠭᠤᠤᠯ᠂ ᠤᠯᠠᠭᠠᠨᠬᠠᠳᠠ᠂ ᠠᠯᠠᠱᠠ ᠵᠡᠷᠭᠡ ᠪᠥᠭᠦ ᠤᠷᠤᠨ ᠤ ᠡᠯ᠎ᠠ ᠠᠶᠢᠮᠠᠭ ᠬᠤᠳᠠ ᠳᠤ ᠪᠤᠷᠤᠯᠠᠭᠤᠯᠤᠨ᠂ ᠪᠦᠳᠦᠭᠡᠯ ᠨᠢ ᠳᠠᠶᠠᠭᠠᠷ ᠤᠯᠠᠨ ᠳᠤ ᠳᠠᠭᠠᠯᠠᠭᠳᠠᠵᠤ ᠠᠰᠢᠭ ᠤᠷᠤᠯᠭ᠎ᠠ ᠪᠠᠨ ᠴᠤ ᠪᠦᠳᠦᠮᠵᠢᠲᠠᠢ ᠨᠡᠮᠡᠭᠳᠡᠭᠦᠯᠵᠦ ᠴᠢᠳᠠᠵᠠᠢ᠃     ᠥᠨᠳᠥᠰᠥᠳᠡᠨ ᠤ ᠭᠠᠷ ᠤᠷᠠᠯᠠᠯ ᠨᠢ ᠮᠤᠩᠭᠤᠯᠴᠤᠳ ᠤᠨ ᠤᠶᠤᠨ ᠤᠬᠠᠭᠠᠨ᠂ ᠤᠷ᠎ᠠ ᠬᠥᠳᠡᠯᠮᠥᠷᠢ ᠶᠢᠨ ᠳᠠᠯᠠᠰᠳᠤ ᠮᠥᠨ᠃ ᠶᠠᠭ ᠡᠶᠢᠮᠥ ᠠᠴᠠ ᠡᠷᠳᠡᠨᠢᠪᠠᠶᠠᠷ ᠭᠤᠸᠠᠢ ᠶᠢᠨ ᠬᠢᠭᠰᠡᠨ ᠲᠡᠷᠡ ᠬᠦ ᠥᠢᠯᠡᠰ ᠨᠢ ᠨᠠᠮ ᠵᠠᠰᠠᠭ ᠤᠨ ᠬᠤᠯᠪᠤᠭᠳᠠᠯ ᠪᠥᠬᠦᠢ ᠪᠠᠶᠢᠭᠤᠯᠭ᠎ᠠ ᠨᠢᠬᠡᠴᠢ ᠶᠢᠨ ᠬᠠᠯᠠᠭᠤᠨ ᠳᠡᠮᠵᠢᠯᠬᠡ ᠶᠢ ᠤᠯᠵᠦ᠂ 2016 ᠤᠨ ᠳᠤ ᠲᠡᠭᠦᠨ ᠢ ᠠᠷᠠᠰᠤᠨ ᠡᠳ᠋ᠯᠡᠯ ᠠᠳᠤᠭᠤᠨ ᠰᠤᠶᠤᠯ ᠤᠨ ᠬᠤᠳᠠ ᠶᠢᠨ ᠳᠡᠰ ᠤᠨ ᠪᠤᠳᠠᠰ ᠤᠨ ᠪᠤᠰᠤ ᠰᠤᠶᠤᠯ ᠤᠨ ᠥᠪ ᠤᠨ ᠤᠯᠠᠮᠵᠢᠯᠠᠭᠴᠢ ᠪᠠᠷ ᠡᠷᠭᠦᠮᠵᠢᠯᠡᠵᠦ᠂ ᠮᠦᠨ ᠳᠤᠰ ᠵᠢᠯ ᠨᠢ ᠠᠷᠠᠰᠤᠨ ᠡᠳ᠋ᠯᠡᠯ ᠠᠳᠤᠭᠤᠨ ᠰᠤᠶᠤᠯ ᠤᠨ ᠤᠷᠤᠨ ᠤ ᠳᠡᠰ ᠤᠨ ᠪᠤᠳᠠᠰ ᠤᠨ ᠪᠤᠰᠤ ᠰᠤᠶᠤᠯ ᠤᠨ ᠥᠪ ᠤᠨ ᠤᠯᠠᠮᠵᠢᠯᠠᠭᠴᠢ ᠶᠢᠨ ᠢᠷᠠᠭᠤ ᠠᠯᠳᠠᠷ ᠢ ᠤᠯᠭᠤᠪᠠ᠃  ᠦᠢᠷ᠎ᠠ ᠶᠢᠨ ᠵᠢᠯ ᠤᠳ ᠲᠤ ᠳᠡᠷᠡ ᠥᠪᠡᠷ ᠤᠨ ᠤᠷ᠎ᠠ ᠤᠬᠠᠭᠠᠨ ᠠᠪᠢᠶᠠᠰ ᠪᠢᠯᠢᠭ ᠲᠡᠭᠡᠨ ᠳᠥᠰᠢᠭᠯᠡᠨ ᠤᠯᠠᠨᠳᠠ ᠥᠡᠭᠬᠡ ᠬᠡᠷᠡᠯ ᠢᠷᠠᠭᠤ ᠠᠯᠳᠠᠷ ᠢᠶᠠᠷ ᠮᠢᠯᠢᠶᠠᠯᠭᠠᠵᠤ ᠢᠷᠡᠭᠰᠡᠨ ᠮᠥᠷᠳᠡᠬᠡᠨ ᠥᠤᠰᠢᠨ ᠬᠤᠰᠢᠭᠤᠨ ᠤ ᠥᠢᠯᠡᠰ ᠪᠤᠰᠬᠠᠬᠤ ᠬᠥᠷᠢᠶᠡᠯᠡᠩ ᠠᠴᠠ ᠳᠡᠬᠦᠨ ᠳᠤ ᠳᠤᠰᠬᠠᠢ ᠳᠡᠯᠬᠡᠨ ᠥᠵᠡᠬᠦᠯᠬᠡ ᠶᠢᠨ ᠬᠡᠷ ᠭᠠᠷᠭᠠᠨ ᠦᠭᠴᠠᠢ᠃     ᠮᠤᠷᠢᠲᠠᠢ ᠶᠠᠪᠤᠭᠰᠠᠨ ᠬᠥᠮᠥᠨ ᠤ ᠨᠤᠳᠤᠭ ᠨᠢ ᠠᠭᠤᠳᠠᠮ ᠪᠠᠶᠢᠳᠠᠭ᠂ ᠮᠥᠷ ᠲᠠᠢ ᠶᠠᠪᠤᠭᠰᠠᠨ ᠬᠥᠮᠥᠨ ᠤ ᠥᠢᠯᠡᠰ ᠨᠢ ᠥᠬᠡᠳᠡ ᠪᠠᠶᠢᠳᠠᠭ᠃ ᠡᠷᠳᠡᠨᠢᠪᠠᠶᠠᠷ ᠭᠤᠸᠠᠢ ᠶᠢᠨ ᠥᠨᠳᠥᠰᠥᠳᠡᠨ ᠤ ᠥᠪ ᠰᠤᠶᠤᠯ ᠤᠨ ᠤᠷ᠎ᠠ ᠤᠬᠠᠭᠠᠨ ᠢ ᠳᠡᠬᠡᠳᠥᠯᠡᠨ ᠶᠠᠪᠤᠭᠰᠠᠨ ᠲᠡᠷᠡ ᠬᠦ ᠡᠷᠬᠢᠮ ᠥᠢᠯᠡᠰ ᠨᠢ ᠡᠳᠥᠷ ᠠᠴᠠ ᠡᠳᠥᠷ ᠥᠬᠡᠳᠡᠯᠡᠨ ᠳᠡᠭᠵᠢᠷᠡᠵᠤ᠂ ᠨᠡᠩ ᠥᠷᠭᠡᠵᠢᠨ ᠤᠯᠠᠮᠵᠢᠯᠠᠭᠳᠠᠬᠤ ᠪᠤᠯᠤᠭᠠᠰᠠᠢ︕
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号