ᠮᠤᠩᠭᠤᠯᠴᠤᠳ ᠤᠨ ᠤᠯᠠᠮᠵᠢᠯᠠᠯᠳᠤ ᠦᠭᠡ ᠶᠠᠷᠢᠶᠠᠨ ᠤ ᠴᠡᠭᠡᠷ ᠶᠤᠰᠤᠨ
ᠨᠡᠶᠢᠲᠡᠯᠡᠭᠰᠡᠨ ᠴᠠᠭ᠄
2019-09-02
     ᠦᠭᠡ ᠶᠠᠷᠢᠶ᠎ᠠ ᠶᠢ ᠴᠡᠭᠡᠷᠯᠡᠬᠦ ᠪᠤᠯ ᠴᠡᠭᠡᠷ ᠶᠤᠰᠤᠨ ᠤ ᠴᠢᠬᠤᠯᠠ ᠨᠢᠭᠡᠨ ᠠᠭᠤᠯᠭ᠎ᠠ ᠪᠤᠯᠤᠨ᠎ᠠ᠃ ᠮᠤᠩᠭᠤᠯᠴᠤᠳ ᠤᠨ ᠵᠠᠩᠰᠢᠯ ᠳᠤ ᠵᠠᠷᠢᠮ ᠶᠠᠭᠤᠮ᠎ᠠ᠂ ᠬᠡᠷᠡᠭ ᠦᠵᠡᠭᠳᠡᠯ ᠢ ᠴᠡᠭᠡᠷᠯᠡᠨ ᠬᠡᠯᠡᠬᠦ ᠶᠤᠰᠤᠨ ᠮᠠᠰᠢ ᠲᠦᠭᠡᠮᠡᠯ ᠪᠠᠶᠢᠭᠰᠠᠨ ᠪᠦᠭᠡᠳ ᠴᠡᠭᠡᠷᠯᠡᠬᠦ ᠪᠤᠯᠤᠭᠰᠠᠨ ᠤᠴᠢᠷ ᠰᠢᠯᠳᠠᠭᠠᠨ ᠲᠠᠢ ᠪᠠᠶᠢᠪᠠ᠃ ᠬᠠᠷᠢᠯᠴᠠᠭᠠᠨ ᠤ ᠲᠤᠮᠳᠠ ᠬᠦᠮᠦᠰ ᠶᠠᠮᠠᠷ ᠨᠢᠭᠡᠨ ᠤᠴᠢᠷ ᠰᠢᠯᠳᠠᠭᠠᠨ ᠪᠤᠶᠤ ᠰᠡᠳᠬᠢᠯᠭᠡ ᠠᠴᠠ ᠪᠤᠯᠵᠤ ᠬᠠᠷᠢᠯᠴᠠᠬᠤ ᠡᠳᠡᠭᠡᠳ ᠲᠡᠭᠡᠨ ᠲᠤᠷ᠎ᠠ ᠦᠭᠡᠶᠢᠴᠡᠯ ᠂ ᠠᠶᠤᠵᠤ ᠡᠮᠢᠶᠡᠬᠦ᠂ ᠰᠦᠷᠳᠡᠬᠦ᠂ ᠵᠢᠪᠡᠬᠦᠴᠡᠬᠦ ᠪᠠ ᠤᠢ ᠭᠤᠳᠤᠬᠤ ᠵᠡᠷᠭᠡ ᠰᠡᠳᠬᠢᠴᠡ ᠶᠢᠨ ᠬᠠᠷᠰᠢ ᠪᠤᠶᠤ ᠰᠡᠳᠬᠢᠯ ᠤᠨ ᠲᠠᠷᠤᠭᠠᠰᠤ ᠦᠭᠬᠦ ᠠᠴᠠ ᠵᠠᠶᠢᠯᠠᠰᠬᠢᠬᠦ ᠶᠢᠨ ᠲᠦᠯᠦᠭᠡ ᠲᠡᠭᠦᠨ ᠲᠠᠢ ᠬᠠᠮᠢᠶ᠎ᠠ ᠪᠦᠬᠦᠢ ᠵᠠᠷᠢᠮ ᠬᠡᠷᠡᠭ ᠪᠤᠳᠠᠰ ᠦᠢᠯᠡ ᠦᠵᠡᠭᠳᠡᠯ ᠢ ᠰᠢᠭᠤᠳ ᠢᠯᠡᠳᠭᠡᠬᠦ ᠶᠢ ᠴᠡᠭᠡᠷᠯᠡᠨ᠎ᠡ᠃ ᠲᠤᠬᠠᠢᠢᠯᠠᠪᠠᠯ᠂ ᠡᠪᠦᠭᠡ ᠡᠴᠢᠭᠡ᠂ ᠲᠦᠷᠦᠯ ᠰᠠᠳᠤᠨ ᠪᠠ ᠨᠠᠶᠢᠵᠠ ᠨᠦᠬᠦᠳ ᠤᠨ ᠢᠶᠠᠨ ᠨᠠᠰᠤ ᠪᠠᠷᠠᠬᠤ ᠶᠢ ︽ᠦᠭᠦᠬᠦ︾ ᠬᠡᠵᠤ ᠰᠢᠭᠤᠳ ᠬᠡᠯᠡᠬᠦ ᠦᠭᠡᠢ᠂ ᠬᠠᠷᠢᠨ ᠦᠷᠡᠭᠳᠡᠭᠴᠢ ᠪᠠᠨ ᠭᠠᠰᠢᠭᠤᠳᠠᠨ ᠡᠮᠭᠡᠨᠢᠬᠦ ᠰᠡᠳᠬᠢᠯ ᠪᠠ ᠰᠤᠨᠤᠰᠤᠭᠴᠢ ᠡᠳᠡᠭᠡᠳ ᠤᠨ ᠰᠠᠨᠠᠭ᠎ᠠ ᠰᠡᠳᠬᠢᠯ ᠳᠤ ᠵᠢᠪᠡᠬᠦᠴᠡᠯ ᠪᠤᠶᠤ ᠲᠤᠷ᠎ᠠ ᠦᠭᠡᠶᠢᠴᠡᠯ ᠡᠭᠦᠰᠭᠡᠬᠦ ᠠᠴᠠ ᠪᠤᠯᠭᠤᠮᠵᠢᠯᠠᠨ ᠦᠷᠩᠳᠡᠭᠰᠡᠳ ᠤᠨ ᠠᠳᠠᠯᠢ ᠪᠤᠰᠤ ᠪᠠᠶᠢᠳᠠᠯ ᠳᠤ ᠵᠤᠬᠢᠴᠠᠭᠤᠯᠵᠤ ︽ᠲᠡᠭᠷᠢ ᠳᠤ ᠬᠠᠯᠢᠪᠠ᠂ ᠪᠤᠷᠬᠠᠨ ᠪᠤᠯᠪᠠ᠂ ᠦᠭᠡᠢ ᠪᠤᠯᠪᠠ᠂ ᠪᠡᠶ᠎ᠡ ᠡᠴᠦᠰᠯᠡᠪᠡ᠂ ᠪᠠᠷᠠᠭᠤᠨ ᠲᠡᠭᠷᠢ ᠳᠤ ᠮᠤᠷᠳᠠᠪᠠ ᠁︾ ᠬᠡᠵᠤ ᠴᠡᠭᠡᠷᠯᠡᠨ ᠬᠡᠯᠡᠳᠡᠭ᠃ ᠪᠠᠰᠠ ᠮᠠᠯᠴᠢᠨ ᠬᠦᠮᠦᠨ ᠤ ᠮᠠᠯ ᠰᠦᠷᠦᠭ ᠲᠤ ᠰᠦᠷᠳᠡᠬᠦᠯᠦᠯ ᠪᠤᠯᠵᠤ ᠪᠠᠶᠢᠭ᠎ᠠ  ᠴᠢᠨ᠋ᠸ᠎ᠠ ᠶᠢ ᠠᠳᠠᠯᠢ ᠪᠤᠰᠤ ᠨᠤᠳᠤᠭ ᠤᠨ ᠬᠦᠮᠦᠰ ︽ᠲᠡᠭᠷᠢ ᠶᠢᠨ ᠨᠤᠬᠠᠢ᠂ ᠮᠠᠭᠤ ᠭᠠᠶᠢᠬᠠᠯ᠂ ᠬᠡᠭᠡᠷ᠎ᠡ ᠶᠢᠨ ᠭᠠᠶᠢᠬᠠᠯ᠂ ᠬᠡᠭᠡᠷ᠎ᠡ ᠶᠢᠨ ᠨᠤᠬᠠᠢ᠂ ᠬᠠᠮᠠᠭᠤᠳᠤ ᠬᠠᠯᠳᠠᠷ᠂ ᠰᠠᠷᠠᠯ ᠨᠤᠬᠠᠢ᠂ ᠶᠡᠭᠡ ᠠᠮᠠᠳᠤ᠂ ᠬᠦᠭᠡ ᠨᠤᠬᠠᠢ᠂ ᠠᠷᠵᠠᠭᠠᠷ ᠰᠢᠳᠢᠳᠤ᠂ ᠤᠷᠳᠤ ᠰᠡᠬᠦᠯᠳᠤ᠂ ᠨᠤᠤᠰᠤᠨ ᠲᠤᠯᠤᠭᠠᠢᠢᠳᠤ᠂ ᠰᠢᠷ᠎ᠠ ᠨᠢᠳᠤᠳᠤ ᠁︾ ᠬᠡᠵᠤ  ᠴᠢᠨ᠋ᠸ᠎ᠠ ᠶᠢᠨ ᠦᠡᠭᠭᠡ ᠵᠢᠰᠦ᠂ ᠰᠢᠳᠤ ᠠᠮᠠ᠂ ᠲᠤᠯᠤᠭᠠᠢ ᠰᠡᠬᠦᠯ᠂ ᠰᠢᠨᠵᠢ ᠲᠦᠷᠰᠦ᠂ ᠤᠷᠤᠰᠢᠬᠤ ᠤᠷᠤᠨ᠂ ᠦᠢᠯᠡ ᠠᠵᠢᠯᠯᠠᠭ᠎ᠠ ᠵᠡᠷᠭᠡ ᠪᠠᠷ ᠡᠶᠡᠷᠡᠬᠦᠯᠵᠤ ᠴᠡᠭᠡᠷᠯᠡᠵᠤ ᠬᠡᠯᠡᠬᠦ ᠶᠠᠪᠤᠳᠠᠯ ᠤᠯᠠᠨ ᠪᠤᠢ᠃ ᠦᠭᠡ ᠶᠠᠷᠢᠶ᠎ᠠ ᠶᠢ ᠴᠡᠭᠡᠷᠯᠡᠬᠦ ᠶᠠᠪᠤᠳᠠᠯ ᠪᠤᠯ ᠲᠠᠷᠤᠢ ᠦᠭᠡ ᠬᠡᠯᠡᠨ ᠤ ᠷᠢᠳᠢ ᠰᠢᠳᠢ ᠶᠢᠨ ᠬᠦᠴᠦᠨ ᠢ ᠤᠨᠴᠠ ᠠᠩᠬᠠᠷᠳᠠᠭ ᠠᠴᠠ ᠪᠤᠯᠤᠭᠰᠠᠨ ᠬᠠᠷᠢᠯᠴᠠᠭᠠᠨ ᠤ ᠳᠣᠮᠳᠠᠬᠢ ᠤᠨᠴᠠ ᠦᠵᠡᠭᠳᠡᠯ ᠪᠤᠯᠬᠤ ᠶᠤᠮ᠃ ᠡᠭᠦᠨ ᠠᠴᠠ ᠭᠠᠳᠠᠨ᠎ᠠ᠂ ᠮᠤᠩᠭᠤᠯᠴᠤᠳ ᠤᠨ ᠤᠯᠠᠮᠵᠢᠯᠠᠯᠳᠤ ᠵᠠᠩᠰᠢᠯ ᠳᠤ ᠵᠠᠷᠢᠮ ᠦᠭᠡ ᠶᠢ ᠰᠢᠭᠤᠳ ᠬᠡᠯᠡᠪᠡᠯ ᠮᠠᠰᠢ ᠪᠤᠯᠬᠢ ᠪᠦᠳᠦᠭᠦᠯᠢᠭ ᠪᠤᠯᠬᠤ ᠲᠤᠯᠠ ᠤᠷᠴᠢᠨ ᠲᠤᠭᠤᠷᠢᠨ ᠪᠠ ᠪᠠᠶᠢᠳᠠᠯ ᠳᠤᠨᠢ ᠵᠤᠬᠢᠴᠠᠭᠤᠯᠵᠤ ᠴᠡᠭᠡᠷᠯᠡᠨ ᠬᠡᠯᠡᠳᠡᠭ᠃ ᠵᠢᠱᠢᠶᠡᠯᠡᠪᠡᠯ᠂ ᠲᠦᠷᠦᠬᠦ ᠶᠢ ︽ᠬᠡᠤᠭᠡᠳ ᠭᠠᠷᠭᠠᠬᠤ᠂ ᠬᠦᠡᠭᠭᠡᠵᠢᠬᠦ᠂ ᠬᠦᠦ ᠲᠠᠢ ᠪᠤᠯᠬᠤ᠂ ᠬᠡᠤᠭᠡᠨ ᠲᠠᠢ ᠪᠤᠯᠬᠤ᠂ ᠰᠠᠷ᠎ᠠ ᠳᠤ ᠰᠠᠭᠤᠬᠤ᠂ ᠨᠢᠷᠠᠶᠢᠯᠠᠬᠤ᠂ ᠦᠵᠡᠭᠳᠡᠬᠦ︾︔ ᠬᠡᠤᠭᠡᠳ ᠤᠯᠬᠤ ᠶᠢ ︽ᠵᠢᠷᠮᠤᠰᠤᠯᠡᠬᠦ᠂ ᠪᠡᠶ᠎ᠡ ᠬᠦᠨᠳᠦᠷᠡᠬᠦ᠂ ᠲᠠᠪᠬᠤᠷ ᠪᠤᠯᠬᠤ᠂ ᠠᠩᠭ᠎ᠠ ᠤᠯᠬᠤ᠂ ᠤᠷᠤᠭ ᠲᠠᠢ ᠪᠤᠯᠬᠤ᠂ ᠪᠠᠶᠠᠷ ᠲᠠᠢ ᠪᠤᠯᠬᠤ︾ ᠬᠡᠬᠦ︔ ᠪᠠᠭᠠᠬᠤ ᠶᠢ ︽ᠪᠡᠶ᠎ᠡ ᠴᠡᠪᠡᠷᠯᠡᠬᠦ᠂ ᠪᠡᠶ᠎ᠡ ᠵᠠᠰᠠᠬᠤ᠂ ᠮᠦᠷ ᠦᠵᠡᠬᠦ᠂ ᠦᠳᠭᠡᠨ ᠮᠦᠷ ᠦᠵᠡᠬᠦ᠂ ᠭᠠᠳᠠᠭᠠᠯᠠᠬᠤ᠂ ᠵᠤᠷᠯᠤᠩ ᠳᠤ ᠤᠴᠢᠬᠤ᠂ ᠰᠠᠭᠤᠯᠭᠠᠬᠤ᠂ ᠲᠤᠭᠤᠯᠤᠭᠤᠯᠬᠤ︾ ᠬᠡᠬᠦ ᠮᠡᠳᠦᠴᠢᠯᠡᠨ ᠪᠤᠯᠪᠠᠰᠤᠨ ᠬᠡᠯᠡᠯᠭᠡ ᠶᠢ ᠲᠤᠬᠢᠷᠠᠮᠵᠢᠳᠠᠢ ᠰᠤᠩᠭᠤᠵᠤ ᠴᠡᠭᠡᠷᠯᠡᠨ ᠬᠡᠯᠡᠳᠡᠭ ᠪᠠᠶᠢᠨ᠎ᠠ᠃     ᠮᠤᠩᠭᠤᠯᠴᠤᠳ ᠤᠨ ᠤᠯᠠᠮᠵᠢᠯᠠᠯᠳᠤ ᠡᠰᠢ ᠶᠤᠰᠤ ᠶᠢᠨ ᠨᠦᠯᠦᠭᠡᠯᠡᠯ ᠠᠴᠠ ᠪᠤᠯᠤᠭᠰᠠᠨ ᠦᠭᠡ ᠶᠠᠷᠢᠶᠠᠨ ᠤ ᠲᠠᠯ᠎ᠠ ᠶᠢᠨ ᠴᠡᠭᠡᠷ ᠶᠤᠰᠤᠨ ᠲᠤᠩ ᠤᠯᠠᠨ ᠪᠠᠶᠢᠳᠠᠭ᠃ ᠵᠢᠱᠢᠶᠡᠯᠡᠪᠡᠯ᠂ ᠪᠡᠷᠢ ᠪᠤᠯᠤᠭᠰᠠᠳ ᠡᠴᠢᠭᠡ ᠡᠭᠡ ᠪᠠᠨ ᠠᠬᠠᠰ ᠵᠠᠬᠠᠰ ᠤᠨ ᠨᠡᠷ᠎ᠡ ᠪᠠᠷ ᠲᠠᠭᠤᠳᠠᠬᠤ ᠶᠢ ᠴᠡᠭᠡᠷᠯᠡᠨ᠎ᠡ᠃ ᠡᠭᠡᠨᠡᠷ ᠪᠤᠯᠤᠭᠰᠠᠳ ᠡᠷ᠎ᠡ ᠶᠢᠨ ᠢᠶᠠᠨ ᠨᠡᠷ᠎ᠡ ᠶᠢ ᠴᠡᠭᠡᠷᠯᠡᠨ᠎ᠡ᠃ ᠦᠷ᠎ᠡ ᠬᠡᠤᠭᠡᠳ ᠪᠤᠯᠤᠭᠰᠠᠳ ᠡᠪᠦᠭᠡ ᠲᠡᠭᠡᠳᠦᠰ᠂ ᠡᠴᠢᠭᠡ ᠡᠭᠡ ᠶᠢᠨ ᠢᠶᠠᠨ ᠨᠡᠷ᠎ᠡ ᠶᠢ ᠲᠤᠷ᠎ᠠ ᠪᠠᠷ ᠢᠶᠠᠨ ᠬᠡᠯᠡᠬᠦ ᠪᠠ ᠪᠤᠰᠤᠳ ᠠᠬᠠᠮᠠᠳ ᠤᠨ ᠨᠡᠷ᠎ᠡ ᠶᠢ ᠰᠢᠭᠤᠳ ᠲᠠᠭᠤᠳᠠᠬᠤ ᠶᠢ ᠴᠡᠭᠡᠷᠯᠡᠨ᠎ᠡ᠃ ᠠᠬᠠᠮᠠᠳ ᠤᠨ ᠦᠭᠡᠳᠡ ᠠᠴᠠ ᠬᠡᠳᠡᠷᠬᠦ ᠬᠠᠷᠢᠭᠤ ᠬᠡᠯᠡᠬᠦ ᠪᠠ ᠬᠡᠯᠡ ᠠᠮᠠ ᠪᠤᠯᠢᠶᠠᠯᠳᠤᠬᠤ ᠵᠦᠷᠢᠬᠦᠯᠡᠬᠦ ᠶᠢ ᠴᠡᠭᠡᠷᠯᠡᠨ᠎ᠡ᠃ ᠲᠡᠭᠡᠷ᠎ᠡ ᠦᠶ᠎ᠡ ᠶᠢᠨ ᠬᠦᠮᠦᠰ ᠪᠠ ᠠᠶᠢᠯ ᠠᠶᠢᠮᠠᠭ ᠤᠨ ᠠᠬᠠᠮᠠᠳ ᠨᠠᠰᠤᠳᠠᠨ ᠲᠠᠢ ᠦᠭᠡ ᠤᠷᠤᠯᠳᠤᠨ ᠮᠡᠷᠭᠡᠯᠡᠬᠦ ᠶᠢ ᠴᠡᠭᠡᠷᠯᠡᠨ᠎ᠡ᠃ ᠪᠡᠯᠭᠡ ᠲᠡᠮᠪᠡᠷᠢᠯ ᠦᠭᠡᠢ ᠦᠭᠡ ᠶᠢ ᠶᠠᠷᠢᠵᠤ ᠬᠠᠷᠢᠯᠴᠠᠭᠴᠢ ᠡᠳᠡᠭᠡᠳ ᠤᠨ ᠰᠡᠳᠬᠢᠯ ᠰᠠᠨᠠᠭ᠎ᠠ ᠶᠢ ᠬᠦᠨᠳᠡᠬᠦ ᠶᠢ ᠴᠡᠭᠡᠷᠯᠡᠨ᠎ᠡ᠃ ᠱᠠᠯᠢᠭ ᠵᠠᠪᠠᠭ᠋ᠠᠢ᠂ ᠪᠤᠵᠠᠷ ᠮᠠᠭᠤᠬᠠᠢ ᠦᠭᠡ ᠶᠠᠷᠢᠬᠤ᠂ ᠢᠯᠠᠩᠭᠤᠶ᠎ᠠ ᠬᠡᠤᠭᠡᠳ ᠤᠨ ᠡᠮᠦᠨ᠎ᠡ ᠶᠠᠷᠢᠬᠤ ᠶᠢ ᠴᠡᠭᠡᠷᠯᠡᠨ᠎ᠡ᠃  ᠵᠤᠴᠢᠨ ᠤ ᠡᠮᠦᠨ᠎ᠡ ᠬᠡᠤᠭᠡᠳ ᠢᠶᠠᠨ ᠴᠤᠬᠢᠵᠤ ᠬᠠᠷᠢᠶᠠᠬᠤ ᠶᠢ ᠴᠡᠭᠡᠷᠯᠡᠨ᠎ᠡ᠃ ᠪᠤᠰᠤᠳ ᠢ ᠶᠤᠰᠤ ᠪᠤᠰᠤ ᠪᠠᠷ ᠬᠠᠷᠢᠶᠠᠬᠤ ᠶᠢ ᠴᠡᠭᠡᠷᠯᠡᠨ᠎ᠡ᠃ ᠬᠦᠮᠦᠰ ᠠᠮᠠᠷᠠᠵᠤ ᠬᠡᠪᠳᠡᠵᠤ ᠪᠠᠶᠢᠬᠤ ᠦᠶᠡᠰ ᠶᠡᠭᠡ ᠲᠠᠭᠤᠨ ᠢᠶᠠᠷ ᠦᠭᠡ ᠶᠠᠷᠢᠬᠤ ᠶᠢ ᠴᠡᠭᠡᠷᠯᠡᠨ᠎ᠡ᠃ ᠶᠤᠰᠤ ᠪᠤᠰᠤ ᠪᠠᠷ ᠪᠤᠰᠤᠳ ᠢ ᠬᠠᠷᠢᠶᠠᠵᠤ ᠵᠤᠳᠤᠬᠤ ᠪᠠ ᠬᠡᠷᠡᠬᠦᠯ ᠦᠢᠮᠡᠭᠡᠨ ᠲᠠᠳᠠᠬᠤ ᠶᠢ ᠴᠡᠭᠡᠷᠯᠡᠨ᠎ᠡ ᠃ ᠬᠡᠤᠭᠡᠳ ᠦᠭᠡ ᠶᠠᠷᠢᠬᠤ ᠳᠠᠭᠠᠨ ᠬᠤᠷᠤᠭᠤ ᠪᠠᠨ ᠬᠦᠳᠡᠯᠭᠡᠨ ᠬᠤᠷᠤᠭᠤ ᠪᠠᠷ ᠴᠢᠴᠢᠵᠤ ᠶᠠᠷᠢᠬᠤ ᠶᠢ ᠴᠡᠭᠡᠷᠯᠡᠨ᠎ᠡ᠃ ᠶᠠᠮᠠᠷ ᠨᠢᠭᠡᠨ ᠬᠦᠮᠦᠨ ᠢ ᠪᠤᠰᠤᠳ ᠲᠤ ᠮᠠᠭᠤᠯᠠᠵᠤ ᠶᠠᠷᠢᠬᠤ ᠶᠢ ᠴᠡᠭᠡᠷᠯᠡᠬᠦ︔ ᠬᠦᠮᠦᠨ ᠤ ᠬᠠᠵᠠᠭᠤ ᠳᠤ ᠡᠮᠵᠡᠭ ᠠᠷᠬᠠᠭ ᠲᠠᠢ ᠬᠦᠮᠦᠨ ᠢ ᠲᠠᠭᠠᠷᠢᠭᠤᠯᠵᠤ ᠬᠡᠯᠡᠬᠦ ᠶᠢ ᠴᠡᠭᠡᠷᠯᠡᠨ᠎ᠡ︔ ᠦᠵᠡᠭᠰᠡᠨ ᠰᠤᠨᠤᠰᠤᠭᠰᠠᠨ ᠪᠦᠬᠦᠨ ᠢᠶᠠᠨ ᠲᠠᠨᠢᠬᠤ ᠲᠠᠨᠢᠬᠤ ᠦᠭᠡᠢ ᠬᠦᠮᠦᠨ ᠳᠤ ᠶᠠᠷᠢᠬᠤ ᠶᠢ ᠴᠡᠭᠡᠷᠯᠡᠳᠡᠭ ᠪᠠᠶᠢᠨ᠎ᠠ᠃ ᠮᠤᠩᠭᠤᠯᠴᠤᠳ ᠠᠯᠢ ᠡᠷᠳᠡᠨ ᠠᠴᠠ ᠠᠪᠤᠭᠠᠳ ᠬᠦᠮᠦᠰ ᠤᠨ ᠲᠤᠳᠤᠭᠠᠳᠤ ᠰᠡᠳᠬᠢᠯᠭᠡ ᠶᠢᠨ ᠢᠯᠡᠷᠡᠯ ᠪᠤᠯᠬᠤ ᠦᠭᠡ ᠶᠠᠷᠢᠶᠠᠨ ᠤ ᠴᠢᠳᠠᠯ ᠢ ᠤᠨᠴᠠ ᠡᠷᠬᠢᠮᠯᠡᠨ ᠦᠵᠡᠭᠰᠡᠭᠡᠷ ᠢᠷᠡᠭᠰᠡᠨ ᠪᠢᠯᠡ᠃ ᠶᠠᠷᠦ ᠶᠢᠨ ᠦᠭᠡᠨ ᠳᠤ ︽ᠤᠯᠠᠨ ᠤ ᠠᠮᠠ ᠠᠯᠳᠠ ᠶᠢ ᠰᠢᠩᠭᠡᠭᠡᠨ᠎ᠡ︾ ᠬᠡᠳᠡᠭ᠃ ᠠᠯᠳᠠᠭᠰᠠᠨ ᠠᠳᠤᠭᠤ ᠶᠢ ᠡᠷᠬᠢᠬᠦᠯᠵᠤ ᠪᠤᠯᠤᠨ᠎ᠠ᠂ ᠠᠯᠳᠠᠭᠰᠠᠨ ᠦᠭᠡ ᠶᠢ ᠡᠷᠬᠢᠬᠦᠯᠵᠤ ᠴᠢᠳᠠᠬᠤ ᠦᠭᠡᠢ᠃ ᠡᠭᠦᠨ ᠤ ᠲᠤᠬᠠᠢ ᠴᠢᠩᠬᠢᠰ ᠬᠠᠭᠠᠨ ᠤ ᠪᠢᠯᠢᠭ ᠰᠤᠷᠭᠠᠯ ᠳᠤ ︽ᠡᠭᠦᠰᠭᠡᠵᠤ ᠬᠡᠯᠡᠬᠦ ᠦᠭᠡ ᠶᠢᠨ ᠢᠶᠠᠨ ᠡᠪ ᠢ ᠨᠢ ᠢᠯᠡᠬᠦᠦ ᠲᠤᠩᠭᠠᠭᠠᠯᠳᠠᠢ᠂ ᠦᠨᠡᠨ ᠰᠡᠳᠬᠢᠯ ᠤᠨ ᠦᠭᠡ ᠴᠤ ᠠᠳᠤᠭᠠᠢ᠂ ᠢᠨᠢᠶᠡᠳᠦᠮ ᠬᠢᠭᠰᠡᠨ ᠶᠠᠷᠢᠶ᠎ᠠ ᠴᠤ ᠪᠤᠯᠳᠤᠭᠠᠢ᠂ ᠦᠭᠡ ᠯᠡ ᠭᠠᠷᠤᠭᠰᠠᠭᠠᠷ ᠪᠠᠷᠢᠬᠤᠶ᠎ᠠ ᠪᠡᠷᠭᠡ︾ ᠬᠡᠵᠤ ᠳ᠋ᠦᠡᠭᠨᠡᠭᠰᠡᠨ ᠪᠠᠶᠢᠳᠠᠭ᠃ ᠮᠤᠩᠭᠤᠯ ᠤᠨ ᠡᠷᠳᠡᠨ ᠤ ᠠᠯᠤᠩᠭᠤ᠋ ᠤᠠ᠋ ᠡᠭᠡ ᠶᠢᠨ ᠲᠠᠪᠤᠳᠤᠭᠠᠷ ᠬᠦᠪᠡᠭᠦᠨ ᠪᠤᠳᠠᠨᠴᠢᠷ ᠤᠨ ᠦᠭᠡᠨ ᠳᠤ ︽ᠪᠡᠶ᠎ᠡ ᠲᠡᠷᠢᠬᠦᠨ ᠲᠠᠢ ᠲᠡᠪᠡᠯ ᠵᠠᠬ᠎ᠠ ᠲᠠᠢ︾ ᠬᠡᠳᠡᠭ᠃ ᠦᠭᠡ ᠶᠠᠷᠢᠶᠠᠨ ᠤ ᠬᠠᠷᠢᠯᠴᠠᠭᠠᠨ ᠳᠤ ᠠᠬᠠᠮᠠᠳ ᠢᠶᠠᠨ ᠬᠦᠨᠳᠦᠳᠭᠡᠨ᠂ ᠦᠶᠡᠴᠤᠳ ᠲᠡᠭᠦᠤᠰ ᠢᠶᠠᠨ ᠬᠠᠶᠢᠷᠠᠯᠠᠨ᠂ ᠪᠤᠯᠪᠠᠰᠤᠨ ᠶᠤᠰᠤᠷᠬᠠᠭ ᠢ ᠡᠷᠬᠢᠮᠯᠡᠨ ᠪᠤᠬᠢᠷ ᠪᠦᠳᠦᠬᠦᠯᠢᠭ ᠦᠭᠡ ᠶᠠᠷᠢᠶ᠎ᠠ ᠶᠢ ᠴᠡᠭᠡᠷᠯᠡᠬᠦ ᠨᠢ ᠬᠦᠮᠦᠰ ᠤᠨ ᠬᠠᠷᠢᠴᠠᠭ᠎ᠠ ᠶᠢ ᠡᠶ᠎ᠡ ᠡᠪᠳᠡᠢ ᠨᠠᠶᠢᠷᠠᠮᠳᠠᠭᠤ ᠰᠠᠶᠢᠬᠠᠨ ᠵᠤᠬᠢᠴᠠᠭᠤᠯᠵᠤ᠂ ᠠᠵᠢᠯ ᠦᠢᠯᠡᠰ ᠢ ᠠᠬᠢᠭᠤᠯᠳᠠᠭ ᠶᠤᠮ᠃     ︽ᠵᠤᠳ ᠨᠢᠭᠡ ᠵᠢᠯ᠂ ᠵᠢᠷᠤᠮ ᠲᠦᠮᠡᠨ ᠵᠢᠯ︾ ᠬᠡᠳᠡᠭ ᠢᠶᠠᠷ ᠠᠳᠠᠯᠢ ᠪᠤᠰᠤ ᠨᠡᠶᠢᠭᠡᠮ ᠳᠤ ᠠᠳᠠᠯᠢ ᠪᠤᠰᠤ ᠶᠤᠰᠤ ᠲᠦᠷᠢᠮ᠂ ᠡᠮᠬᠢ ᠲᠢᠭᠯᠢᠮ ᠢ ᠪᠠᠳᠤᠯᠠᠵᠤ᠂ ᠦᠭᠡ ᠶᠠᠷᠢᠶ᠎ᠠ᠂ ᠲᠦᠷᠢ ᠪᠠᠶᠢᠳᠠᠯ ᠪᠠ ᠦᠢᠯᠡ ᠠᠵᠢᠯᠯᠠᠭ᠎ᠠ ᠶᠢ ᠶᠤᠰᠤᠴᠢᠯᠠᠨ ᠲᠦᠷᠢᠮᠵᠢᠬᠦᠯᠵᠤ ᠪᠦᠬᠦᠢ ᠡᠨᠡ ᠬᠦ ᠴᠡᠭᠡᠷ ᠶᠤᠰᠤᠨ ᠤ ᠢᠳᠡᠪᠬᠢ ᠦᠢᠯᠡᠳᠦᠯ ᠢ ᠤᠯᠠᠨ ᠬᠠᠷᠠᠭᠠᠰᠤ ᠠᠴᠠ ᠬᠦᠨᠵᠡᠭᠡᠢ ᠰᠤᠳᠤᠯᠤᠨ ᠮᠤᠩᠭᠤᠯ ᠦᠪ ᠰᠤᠶᠤᠯ ᠤᠨ ᠪᠤᠯᠪᠠᠰᠤᠨ ᠡᠬᠢ ᠪᠠᠶᠠᠯᠢᠭ ᠢ ᠨᠡᠭᠡᠭᠡᠵᠤ᠂ ᠬᠦᠮᠦᠰ ᠤᠨ ᠡᠳᠦᠷ ᠲᠤᠳᠤᠮ ᠤᠨ ᠬᠠᠷᠢᠯᠴᠠᠭ᠎ᠠ ᠪᠠ ᠦᠢᠯᠡ ᠠᠵᠢᠯᠯᠠᠭ᠎ᠠ ᠳᠤ ᠦᠢᠯᠡᠴᠢᠯᠡᠬᠦᠯᠬᠦ ᠨᠢ ᠡᠶ᠎ᠡ ᠵᠤᠬᠢᠴᠠᠯᠳᠤ ᠬᠦᠮᠦᠰ ᠤᠨ ᠬᠠᠷᠢᠴᠠᠭ᠎ᠠ ᠶᠢ ᠪᠠᠶᠢᠭᠤᠯᠵᠤ᠂ ᠠᠵᠢᠯ ᠦᠢᠯᠡᠰ ᠢ ᠠᠬᠢᠭᠤᠯᠬᠤ ᠳᠤ ᠠᠰᠤᠷᠤ ᠴᠢᠬᠤᠯᠠ ᠠᠬᠤᠢᠢᠴᠢ ᠠᠴᠢ ᠬᠤᠯᠪᠤᠭᠳᠠᠯ ᠲᠠᠢ ᠶᠤᠮ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号