︽ᠨᠣᠳᠤᠭ ᠤᠨ ᠰᠠᠶᠢᠨ ᠱᠦᠵᠢ ᠲᠠᠷᠵᠠᠢ︾ ᠶᠢ ᠳᠣᠷᠠᠰᠬᠠᠬᠤ ᠠᠵᠢᠯᠯᠠᠭ᠎ᠠ ᠭᠠᠯᠠᠭᠤᠲᠤ ᠪᠠᠯᠭᠠᠰᠤᠨ ᠤ ᠬᠦᠬᠡᠨᠠᠭᠤᠷ ᠭᠠᠴᠠᠭᠠᠨ ᠳᠤ ᠶᠠᠪᠤᠭᠳᠠᠪᠠ
ᠨᠡᠶᠢᠲᠡᠯᠡᠭᠰᠡᠨ ᠴᠠᠭ᠄
2019-09-24
     ᠣᠷᠳᠣᠰ ᠤᠨ ᠨᠠᠷᠢᠨ ᠨᠣᠣᠰᠣᠳᠣ  ᠬᠤᠨᠢᠨ ᠣᠶᠢᠯᠡᠰ ᠢ ᠬᠦᠭᠵᠢᠬᠦᠯᠬᠦ ᠳᠤ ᠰᠠᠭᠤᠷᠢ ᠳᠠᠯᠪᠢᠭᠰᠠᠨ ︽ᠨᠣᠳᠤᠭ ᠤᠨ ᠰᠠᠶᠢᠨ ᠱᠦᠵᠢ ᠲᠠᠷᠵᠠᠢ︾ ᠶᠢ ᠳᠣᠷᠠᠰᠬᠠᠨ ᠳᠡᠮᠳᠡᠭᠯᠡᠬᠦ ᠠᠵᠢᠯᠯᠠᠭ᠎ᠠ ᠵᠢᠴᠢ ︽ᠨᠤᠲᠤᠭ ᠤᠨ ᠪᠤᠭᠤᠷᠤᠯ ᠠᠭᠤᠯᠠ︾ ᠭᠡᠬᠦ ᠨᠤᠮ ᠤᠨ ᠲᠠᠷᠬᠠᠭᠠᠯᠲᠠ ᠶᠢᠨ ᠶᠤᠰᠤᠯᠠᠯ ᠣᠶᠢᠷ᠎ᠠ ᠶᠢᠨ ᠡᠳᠣᠷ ᠭᠠᠯᠠᠭᠤᠳᠣ ᠪᠠᠯᠭᠠᠰᠣᠨ ᠤ ᠭᠦᠬᠡᠨᠠᠭᠤᠷ ᠭᠠᠴᠠᠭᠠᠨ ᠳᠤ ᠶᠠᠪᠤᠭᠳᠠᠪᠠ᠃      ᠲᠤᠰ ᠤᠳᠠᠭᠠᠨ ᠤ ᠠᠵᠢᠯᠯᠠᠭ᠎ᠠ ᠳᠤ ᠭᠠᠯᠠᠭᠤᠲᠤ ᠪᠠᠯᠭᠠᠰᠤᠨ ᠤ ᠨᠠᠮ ᠤᠨ ᠬᠤᠷᠢᠶᠠᠨ ᠤ ᠤᠤᠯ ᠤᠨ ᠱᠦᠵᠢ ᠪᠠᠶᠢᠭᠰᠠᠨ ᠲᠠᠷᠵᠠᠢ ᠭᠤᠸᠠᠢ ᠶᠢᠨ 1957 ᠤᠨ ᠠᠴᠠ ᠡᠬᠢᠯᠡᠨ ᠤᠷᠳᠤᠰ ᠤᠨ ᠨᠠᠷᠢᠨ ᠨᠤᠤᠰᠤᠲᠤ ᠬᠤᠨᠢ ᠶᠢ ᠪᠤᠶᠢᠵᠢᠭᠤᠯᠤᠨ ᠣᠷᠳᠣᠰ ᠤᠨ ᠨᠠᠷᠢᠨ ᠨᠤᠤᠰᠤᠲᠤ ᠬᠤᠨᠢ ᠶᠢ ᠡᠭᠦᠯᠳᠡᠷ ᠰᠠᠶᠢᠵᠢᠷᠠᠭᠤᠯᠵᠤ ᠮᠠᠯᠴᠢᠳ ᠲᠤ ᠠᠰᠢᠭ ᠭᠦᠷᠲᠡᠭᠡᠭᠰᠡᠨ ᠠᠴᠢ ᠭᠠᠪᠢᠶ᠎ᠠ ᠶᠢ ᠲᠤᠷᠠᠰᠬᠠᠨ ᠳᠡᠮᠳᠡᠭᠯᠡᠭᠰᠡᠨ ᠤ ᠬᠠᠮᠳᠣ ᠲᠡᠬᠦᠨ ᠤ ᠳᠣᠬᠠᠢ ᠪᠢᠴᠢᠭᠰᠡᠨ ︽ᠨᠤᠲᠤᠭ  ᠤᠨ ᠪᠤᠭᠤᠷᠤᠯ ᠠᠭᠤᠯᠠ︾ ᠭᠡᠬᠦ ᠨᠤᠮ ᠢ ᠳᠡᠷᠬᠠᠭᠠᠵᠣ ᠲᠠᠷᠵᠠᠢ ᠭᠤᠸᠠᠢ ᠶᠢᠨ ᠲᠡᠥᠬᠡᠲᠤ ᠠᠴᠢ ᠭᠠᠪᠢᠶ᠎ᠠ᠂ ᠵᠤᠷᠢᠭ ᠰᠠᠨᠠᠭ᠎ᠠ ᠶᠢ ᠨᠢ ᠰᠤᠷᠤᠯᠴᠠᠨ ᠲᠤᠭᠤᠰᠢᠯᠠᠭᠤᠯᠬᠤ ᠪᠠᠷ ᠰᠣᠳᠣᠯᠣᠨ ᠶᠠᠷᠢᠯᠴᠠᠵᠠᠢ᠃     ᠮᠠᠨ ᠤ ᠬᠤᠰᠢᠭᠤ ᠨᠢ ᠤᠷᠳᠤᠰ ᠤᠨ ᠨᠠᠷᠢᠨ ᠨᠤᠤᠰᠤᠲᠤ ᠬᠤᠨᠢᠨ ᠤ ᠭᠤᠤᠯ ᠭᠠᠷᠤᠯᠲᠠ ᠶᠢᠨ ᠤᠷᠤᠨ ᠪᠠᠶᠢᠵᠣ ᠲᠡᠭᠡᠷ᠎ᠡ ᠵᠠᠭᠤᠨ ᠤ ᠲᠠᠪᠢᠭᠠᠳ ᠤᠨ ᠠᠴᠠ ᠡᠬᠢᠯᠡᠨ ᠤᠷᠳᠤᠰ ᠤᠨ ᠨᠠᠷᠢᠨ ᠨᠤᠤᠰᠤᠲᠤ ᠬᠤᠨᠢᠨ ᠤ ᠡᠭᠦᠯᠳᠡᠷ ᠢ ᠰᠢᠯᠢᠳᠡᠭᠵᠢᠭᠦᠯᠦᠨ ᠪᠤᠶᠢᠵᠢᠭᠤᠯᠵᠤ ᠨᠠᠷᠢᠨ ᠨᠤᠤᠰᠤᠲᠤ ᠬᠤᠨᠢᠨ ᠤ ᠠᠵᠤ ᠦᠢᠯᠡᠰ ᠢ ᠮᠠᠯᠴᠢᠨ ᠳᠠᠷᠢᠶᠠᠴᠢᠳ ᠤᠨ ᠭᠤᠣᠯ ᠠᠵᠤ ᠦᠢᠯᠡᠰ ᠪᠣᠯᠭᠠᠨ ᠬᠦᠭᠵᠢᠬᠦᠯᠣᠭ᠍ᠰᠠᠨ ᠤ ᠬᠠᠮᠳᠣ ᠤᠶᠢᠷ᠎ᠠ ᠶᠢᠨ ᠬᠤᠶᠠᠷ ᠵᠢᠯ ᠠᠴᠠ ᠤᠷᠳᠤᠰ ᠤᠨ ᠨᠠᠷᠢᠨ ᠨᠤᠤᠰᠤᠲᠤ ᠬᠤᠨᠢᠨ ᠤ ᠢᠬᠡᠷᠯᠡᠬᠦ ᠨᠤᠷᠮ᠎ᠠ ᠶᠢ ᠨᠡᠮᠡᠭᠳᠡᠬᠦᠯᠬᠦ ᠪᠤᠯᠤᠨ ᠠᠬᠠᠷ᠂ ᠮᠢᠬ᠎ᠠ ᠢ ᠰᠠᠶᠢᠵᠢᠷᠠᠭᠤᠯᠬᠤ ᠵᠡᠷᠭᠡ ᠲᠠᠯ᠎ᠠ ᠪᠠᠷ ᠬᠠᠶᠢᠨ ᠰᠦᠪᠡᠭᠴᠢᠯᠠᠯᠳᠡ ᠬᠢᠵᠤ ᠮᠠᠯᠴᠢᠳ ᠤᠨ ᠠᠰᠢᠭ ᠤᠷᠤᠯᠭ᠎ᠠ ᠶᠢ ᠤᠯᠠᠮ ᠢᠯᠡᠬᠦᠦ ᠨᠡᠮᠡᠭᠳᠡᠭᠦᠯᠦᠭᠰᠡᠨ ᠪᠠᠶᠢᠨ᠎ᠠ᠃     ᠤᠶᠢᠯᠠᠭᠠᠭᠰᠠᠨ ᠢᠶᠠᠷ᠂ ᠤᠳᠤᠬᠠᠨ ᠪᠤᠯᠲᠠᠯ᠎ᠠ ᠤᠷᠳᠤᠰ ᠤᠨ ᠨᠠᠷᠢᠨ ᠨᠤᠤᠰᠤᠲᠤ ᠬᠤᠨᠢᠨ ᠤ ᠲᠤᠭ᠎ᠠ ᠲᠤᠯᠤᠭᠠᠢ  ᠨᠢ 120 ᠲᠦᠮᠡ ᠶᠢ ᠲᠠᠪᠠᠵᠤ ᠲᠦᠮᠡ ᠭᠠᠷᠣᠢ ᠲᠤᠨ ᠬᠤᠨᠢᠨ ᠮᠢᠬ᠎ᠠ ᠶᠢ ᠬᠤᠳᠠᠯᠳᠤᠨ ᠪᠤᠷᠤᠯᠠᠭᠤᠯᠵᠤ ᠵᠢᠯ ᠳᠤ ᠵᠢᠷᠭᠤᠭᠠᠨ ᠳ᠋ᠦᠩᠰᠢᠭᠤᠷ ᠵᠢᠷᠭᠤᠭᠠᠨ ᠮᠢᠩᠭᠠᠨ ᠲᠥᠮᠠ ᠭᠠᠷᠦᠢ ᠲᠦᠬᠦᠷᠢᠭ ᠤᠨ ᠠᠵᠤ ᠠᠬᠤᠢ ᠶᠢᠨ ᠠᠰᠢᠭ ᠤᠷᠤᠯᠭ᠎ᠠ ᠶᠢ ᠡᠭᠦᠳᠦᠨ᠂ ︽ᠤᠷᠳᠤᠰ ᠤᠨ ᠨᠠᠷᠢᠨ ᠨᠤᠤᠰᠤᠲᠤ ᠬᠤᠨᠢ︾ ᠬᠡᠬᠦ ᠲᠦᠷᠦᠯ ᠲᠡᠮᠲᠡᠭ ᠤᠨ ᠦᠨ᠎ᠡ ᠦᠷᠲᠡᠭ ᠨᠢ ᠶᠢᠰᠦᠨ ᠳ᠋ᠦᠩᠰᠢᠭᠤᠷ ᠵᠢᠷᠭᠤᠭᠠᠨ ᠮᠢᠩᠭᠠᠨ ᠨᠠᠢᠮᠠᠨ ᠵᠠᠭᠤᠨ ᠲᠦᠮᠡᠨ ᠲᠦᠬᠦᠷᠢᠭ ᠲᠤ ᠬᠦᠷᠴᠦ ᠨᠠᠷᠢᠨ ᠨᠤᠤᠰᠤᠲᠤ ᠬᠤᠨᠢᠨ ᠤ ᠠᠵᠤ ᠦᠢᠯᠡᠰ ᠤᠨ ᠤᠷᠤᠯᠭ᠎ᠠ ᠨᠢ ᠮᠠᠯᠴᠢᠳ ᠤᠨ ᠤᠷᠤᠯᠭ᠎ᠠ ᠶᠢᠨ 60 % ᠠᠴᠠ ᠲᠡᠭᠡᠭᠰᠢᠬᠢ ᠶᠢ ᠡᠵᠡᠯᠡᠭᠰᠡᠨ ᠪᠠᠶᠢᠨ᠎ᠠ᠃    
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号