ᠰᠠᠰᠠ ᠶᠢᠨ ᠴᠠᠶᠢᠳᠠᠮ ᠳᠣᠰᠬᠤᠨ ᠰᠣᠶᠣᠯ ᠵᠢᠭᠤᠯᠴᠢᠯᠠᠯ ᠢ ᠣᠶᠠᠯᠳᠣᠭᠤᠯᠣᠨ ᠬᠦᠳᠡᠭᠡ ᠳᠣᠰᠬᠤᠨ ᠤ ᠵᠢᠭᠤᠯᠴᠢᠯᠠᠯ ᠤᠨ ᠰᠢᠨ᠎ᠡ ᠬᠡᠯᠪᠡᠷᠢ ᠶᠢ ᠡᠬᠦᠳᠴᠦ ᠪᠠᠶᠢᠨ᠎ᠠ
ᠨᠡᠶᠢᠲᠡᠯᠡᠭᠰᠡᠨ ᠴᠠᠭ᠄
2019-09-06
     ᠣᠶᠢᠷ᠎ᠠ ᠶᠢᠨ ᠵᠢᠯ ᠳᠤ ᠭᠠᠯᠠᠭᠤᠲᠣ ᠪᠠᠯᠭᠠᠰᠣᠨ ᠤ ᠰᠠᠰᠠ ᠶᠢᠨ ᠴᠠᠶᠢᠳᠠᠮ ᠳᠣᠰᠬᠤᠨ ᠭᠠᠵᠠᠷ ᠣᠷᠣᠨ ᠤ ᠰᠣᠶᠣᠯ ᠤᠨ ᠡᠬᠢ ᠪᠠᠶᠠᠯᠢᠭ ᠲᠤ ᠳᠦᠰᠢᠭᠯᠡᠵᠦ ᠵᠢᠭᠤᠯᠴᠢᠯᠠᠯ ᠤᠨ ᠬᠤᠷᠰᠢᠶᠠᠵᠢᠯ᠂ ᠭᠠᠯᠠᠭᠤᠲᠣ ᠳᠠᠷᠢᠶᠠᠯᠠᠬᠤ ᠰᠣᠶᠣᠯ  ᠤᠨ ᠦᠵᠡᠰᠬᠦᠯᠡᠩ ᠤᠨ ᠣᠷᠳᠣᠨ᠂ ᠵᠠᠯᠠᠭᠤᠴᠣᠳ ᠪᠠᠭᠠᠴᠣᠳ ᠤᠨ ᠬᠡᠷ ᠤᠨ ᠭᠠᠳᠠᠨᠠᠬᠢ ᠶᠡᠷᠦᠩᠬᠡᠶᠢᠯᠡᠨ ᠦᠷᠭᠡᠳᠭᠡᠬᠦ ᠪᠣᠯᠪᠠᠰᠣᠷᠠᠯ ᠤᠨ ᠰᠠᠭᠤᠷᠢᠨ ᠭᠠᠵᠠᠷ ᠵᠡᠷᠭᠡ ᠰᠡᠯᠡᠬᠦᠴᠡᠨ ᠵᠣᠭᠠᠴᠠᠬᠤ ᠭᠠᠵᠠᠷ ᠢ ᠪᠠᠶᠢᠭᠤᠯᠵᠦ ᠣᠷᠣᠨ ᠪᠠᠶᠢᠷᠢ᠂ ᠡᠬᠢ ᠪᠠᠶᠠᠯᠢᠭ᠂ ᠰᠣᠶᠣᠯ᠂ ᠠᠮᠢ ᠠᠬᠤᠢ ᠨᠢ ᠰᠠᠰᠠ ᠶᠢᠨ ᠴᠠᠶᠢᠳᠠᠮ ᠳᠣᠰᠬᠤᠨ ᠤ ᠵᠢᠭᠤᠯᠴᠢᠯᠠᠯ ᠤᠨ ᠦᠪᠡᠷᠮᠢᠴᠡ ᠣᠨᠴᠠᠯᠢᠭ ᠢ ᠨᠡᠩ ᠳᠣᠪᠣᠶᠢᠯᠭᠠᠭᠰᠠᠨ ᠪᠠᠶᠢᠨ᠎ᠠ᠃             2016 ᠣᠨ ᠳᠤ ᠭᠠᠯᠠᠭᠤᠲᠣ ᠪᠠᠯᠭᠠᠰᠣ ︽ᠦᠵᠡᠰᠬᠦᠯᠡᠩᠲᠣ ᠰᠠᠶᠢᠬᠠᠨ ᠬᠦᠳᠡᠭᠡ ᠳᠣᠰᠬᠤᠨ︾ ᠤ ᠪᠠᠶᠢᠭᠤᠯᠣᠯᠲᠠ ᠲᠠᠢ ᠣᠶᠠᠯᠳᠣᠭᠤᠯᠵᠦ 200 ᠭᠠᠷᠣᠢ ᠳᠦᠮᠡᠨ ᠳᠦᠬᠦᠷᠢᠭ ᠤᠨ ᠪᠡᠯᠡ ᠤᠷᠤᠭᠤᠯᠤᠨ ᠰᠠᠰᠠ ᠶᠢᠨ ᠴᠠᠶᠢᠳᠠᠮ ᠳᠣᠰᠬᠤᠨ ᠳᠤ ᠭᠠᠯᠠᠭᠤᠲᠣ ᠳᠠᠷᠢᠶᠠᠯᠠᠬᠤ ᠰᠣᠶᠣᠯ ᠤᠨ ᠦᠵᠡᠰᠬᠦᠯᠡᠩ ᠤᠨ ᠣᠷᠳᠣᠨ ᠢ ᠪᠠᠶᠢᠭᠤᠯᠣᠭᠰᠠᠨ ᠪᠠᠶᠢᠨ᠎ᠠ᠃ 1400 ᠳᠡᠭᠰᠢ ᠳᠦᠷᠪᠡᠯᠵᠢᠨ ᠮᠧᠲᠷ ᠤᠨ ᠦᠵᠡᠬᠦᠯᠦᠯᠬᠡ ᠶᠢᠨ ᠳᠢᠩᠬᠢᠮ ᠳᠤ 317 ᠪᠣᠳᠠᠰ ᠢ ᠳᠡᠯᠬᠡᠨ ᠦᠵᠡᠬᠦᠯᠵᠦ᠂ ᠬᠦᠮᠦᠰ ᠤᠨ ᠣᠯᠠᠮᠵᠢᠯᠠᠯᠲᠣ ᠳᠠᠷᠢᠶᠠᠯᠠᠩ ᠠᠵᠣ ᠦᠢᠯᠡᠰ ᠪᠠ ᠳᠠᠷᠢᠶᠠᠯᠠᠬᠤ ᠰᠣᠶᠣᠯ ᠤᠨ ᠪᠣᠯᠪᠠᠰᠣᠨ  ᠢ ᠣᠶᠢᠯᠠᠭᠠᠵᠦ᠂ ᠨᠣᠳᠤᠭ ᠣᠰᠣᠨ ᠤ ᠰᠠᠶᠢᠨ ᠰᠠᠶᠢᠬᠠᠨ ᠮᠦᠷᠦᠬᠡᠳᠦᠯ ᠢ ᠪᠣᠢ ᠪᠣᠯᠭᠠᠬᠤ ᠳᠤ ᠰᠠᠭᠤᠷᠢ ᠪᠣᠯᠭᠠᠭᠰᠠᠨ ᠶᠣᠮ᠃       2019 ᠣᠨ ᠳᠤ 54 ᠲᠦᠮᠡᠨ ᠳᠦᠬᠦᠷᠢᠭ ᠤᠨ ᠪᠡᠯᠡ ᠣᠷᠣᠭᠤᠯᠵᠦ ᠪᠦᠳᠦᠬᠡᠨ ᠪᠠᠶᠢᠭᠤᠯᠣᠭᠰᠠᠨ ᠵᠠᠯᠠᠭᠤᠴᠣᠳ ᠪᠠᠭᠠᠴᠣᠳ ᠤᠨ ᠬᠡᠷ ᠤᠨ ᠭᠠᠳᠠᠨᠠᠬᠢ ᠶᠡᠷᠦᠩᠬᠡᠶᠢᠯᠡᠨ ᠦᠷᠭᠡᠳᠭᠡᠬᠦ ᠪᠣᠯᠪᠠᠰᠣᠷᠠᠯ ᠤᠨ ᠰᠠᠭᠤᠷᠢᠨ ᠭᠠᠵᠠᠷ  ᠨᠢ ᠬᠡᠣᠬᠡᠳ ᠪᠠᠭᠠᠴᠣᠳ ᠤᠨ ᠪᠡᠶ᠎ᠡ ᠮᠠᠬᠠᠪᠣᠳ ᠢᠶᠠᠨ ᠪᠣᠯᠪᠠᠰᠣᠷᠠᠭᠤᠯᠵᠦ᠂ ᠨᠠᠭᠠᠳᠴᠦ ᠳᠣᠭᠯᠠᠬᠤ ᠴᠡᠩᠭᠡᠯ ᠤᠨ ᠭᠠᠵᠠᠷ ᠪᠣᠯᠣᠭᠰᠠᠨ ᠪᠠᠶᠢᠨ᠎ᠠ᠃      ᠦᠨᠦ ᠵᠢᠯ ᠳᠣᠰᠬᠤᠨ ᠳᠤ ᠠᠵᠢᠯᠯᠠᠵᠦ ᠪᠠᠶᠢᠭ᠎ᠠ ᠺᠠᠳ᠋ᠷᠴᠣᠳ ᠪᠠ ᠳᠣᠰᠬᠤᠨ ᠤ ᠭᠤᠷᠪᠠᠨ ᠵᠦᠪᠯᠡᠯ ᠤᠨ ᠢᠳᠡᠪᠬᠢᠲᠡᠢ ᠵᠢᠯᠣᠭᠤᠳᠣᠯᠭ᠎ᠠ ᠳᠣᠣᠷ᠎ᠠ ᠰᠠᠰᠠ ᠶᠢᠨ ᠴᠠᠶᠢᠳᠠᠮ ᠳᠣᠰᠬᠤᠨ ᠤ 23 ᠡᠷᠦᠬᠡ ᠬᠦᠳᠡᠭᠡ ᠳᠣᠰᠬᠤᠨ ᠤ ᠵᠢᠭᠤᠯᠴᠢᠯᠠᠯ ᠤᠨ ᠦᠢᠯᠡᠰ ᠤᠨ ᠡᠵᠡᠩᠨᠡᠯᠳᠡ ᠶᠢ ᠬᠢᠵᠦ᠂ 6000 ᠬᠦᠮᠦᠨ ᠣᠳᠠᠭ᠎ᠠ ᠶᠢᠨ ᠵᠣᠭᠠᠴᠠᠭᠰᠠᠳ ᠢ ᠬᠦᠯᠢᠶᠡᠨ ᠵᠣᠴᠢᠯᠠᠭᠰᠠᠨ ᠪᠠᠶᠢᠨ᠎ᠠ᠃      ᠣᠷᠴᠢᠮ ᠤᠨ ᠵᠢᠯ ᠠᠴᠠ  ᠪᠠᠶᠢᠭᠠᠯᠢ ᠲᠠᠢ ᠣᠶᠢᠷᠠᠳᠣᠬᠤ᠂ ᠨᠣᠳᠤᠭ ᠲᠠᠭᠠᠨ  ᠬᠠᠷᠢᠬᠤ  ᠂ ᠪᠡᠶ᠎ᠡ ᠰᠡᠳᠬᠢᠯ  ᠤᠨ ᠡᠷᠡᠬᠦᠯ ᠴᠢᠬᠢᠷᠠᠭ ᠢ ᠠᠩᠬᠠᠷᠬᠤ ᠨᠢ ᠬᠦᠮᠦᠰ ᠤᠨ ᠬᠦᠰᠡᠳᠡᠭ ᠠᠮᠢᠳᠣᠷᠠᠯ ᠤᠨ ᠬᠡᠯᠪᠡᠷᠢ ᠪᠣᠯᠣᠭᠰᠠᠨ ᠪᠠᠶᠢᠨ᠎ᠠ᠃ ᠰᠠᠰᠠ ᠶᠢᠨ ᠴᠠᠶᠢᠳᠠᠮ ᠳᠣᠰᠬᠤᠨ ᠨᠢ ᠭᠠᠵᠠᠷ ᠣᠷᠣᠨ ᠤ ᠪᠠᠨ ᠳᠠᠪᠠᠭᠤᠯᠢᠭ ᠢ ᠠᠰᠢᠭᠯᠠᠨ᠂ ᠳᠠᠷᠢᠶᠠᠯᠠᠩ ᠪᠠ ᠵᠢᠭᠤᠯᠴᠢᠯᠠᠯ ᠤᠨ ᠦᠢᠯᠡᠰ ᠢ ᠣᠷᠭᠠᠨᠢᠭ ᠣᠶᠠᠯᠳᠣᠭᠤᠯᠣᠨ᠂ ᠬᠦᠮᠦᠰ ᠤᠨ ᠣᠶᠣᠨ ᠰᠠᠨᠠᠭᠠᠨ ᠤ ᠱᠠᠭᠠᠷᠳᠠᠯᠭ᠎ᠠ ᠶᠢ ᠪᠡᠶᠡᠯᠡᠭᠦᠯᠦᠭᠰᠡᠨ ᠠᠴᠠ ᠬᠤᠯᠠ ᠣᠶᠢᠷ᠎ᠠ ᠶᠢᠨ ᠵᠣᠭᠠᠴᠠᠭᠰᠠᠳ ᠤᠨ ᠬᠠᠯᠠᠭᠤᠨ ᠬᠦᠷᠢᠶᠡᠯᠡᠯ ᠢ ᠣᠯᠵᠦ᠂ ᠣᠷᠢᠳ ᠬᠤᠵᠢᠳ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠡᠷᠡᠬᠦᠯ ᠬᠠᠮᠠᠭᠠᠯᠠᠯ ᠤᠨ ᠳᠣᠰᠬᠤᠨ᠂ ᠪᠦᠬᠦ ᠬᠤᠳᠠ ᠶᠢᠨ ᠪᠣᠯᠪᠠᠰᠣᠨ ᠭᠠᠴᠠᠭ᠎ᠠ ᠳᠣᠰᠬᠤᠨ᠂ ᠪᠦᠬᠦ ᠬᠤᠳᠠ ᠶᠢᠨ ︽ᠳᠠᠪᠣᠨ ᠰᠠᠶᠢᠨᠳᠠᠢ ᠭᠤᠷᠪᠠ ᠶᠢ ᠳᠡᠪᠰᠢᠬᠦᠯᠬᠦ ︾ ᠳᠠᠭᠤᠷᠢᠶᠠᠯ ᠳᠣᠰᠬᠤᠨ ᠢᠶᠠᠷ ᠦᠨᠡᠯᠡᠭᠳᠡᠭᠰᠡᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号