ᠬᠠᠶᠢᠯᠠᠰᠤᠨ ᠮᠤᠳᠤᠨ ᠤ ᠳᠤᠬᠠᠢ ᠵᠠᠩ ᠦᠢᠯᠠ
ᠨᠡᠶᠢᠲᠡᠯᠡᠭᠰᠡᠨ ᠴᠠᠭ᠄
2020-06-18
   ᠤᠨ ᠤᠳᠠᠭᠰᠠᠨ ᠬᠠᠶᠢᠯᠠᠰᠤᠨ ᠮᠤᠳᠤ ᠶᠢ ᠮᠤᠩᠭᠤᠯ ᠭᠢᠳᠠᠳ ᠴᠦᠮ ᠤᠡᠭᠭᠤᠨ ᠮᠤᠳᠤ᠂ ᠰᠠᠭᠢᠭᠤᠯᠰᠤᠨ ᠮᠤᠳᠤ ᠭᠡᠮᠡᠨ ᠲᠠᠭᠡᠳᠤᠯᠠᠨ ᠰᠢᠳᠤᠵᠤ ᠲᠠᠭᠢᠳᠠᠭ ᠪᠠᠶᠢᠨ᠎ᠠ᠃    ᠬᠠᠷᠢᠨ ᠤᠭᠳᠤᠯᠵᠤ ᠴᠠᠪᠴᠢᠬᠤ ᠪᠤᠶᠤ ᠰᠠᠯᠠᠭ᠎ᠠ ᠨᠠᠮᠠᠭ᠎ᠠ ᠶᠢ ᠨᠢ ᠳᠤᠷ᠎ᠠ ᠲᠠᠪᠠ ᠪᠠᠷ ᠭᠦᠳᠡᠯᠭᠡᠭᠦ ᠶᠢ ᠶᠡᠭᠡᠳᠠ ᠴᠡᠭᠡᠷᠯᠡᠳᠡᠭ ᠪᠠᠶᠢᠨ᠎ᠠ᠃   ᠬᠠᠶᠢᠯᠠᠰᠤᠨ ᠮᠤᠳᠤ ᠶᠢ ᠤᠷᠳᠤ ᠨᠠᠰᠤᠳᠤ ᠬᠠᠳᠠᠭᠤ ᠮᠤᠳᠤ ᠭᠡᠮᠡᠨ ᠦᠵᠡᠳᠡᠭ ᠳᠤᠯᠠ ᠭᠡᠷ ᠤᠨ ᠭᠦᠷᠢᠶ᠎ᠠ ᠬᠠᠰᠢᠶ᠎ᠠ ᠳᠤᠳᠤᠷ᠎ᠠ ᠪᠠᠨ ᠲᠠᠷᠢᠬᠤ ᠶᠢ ᠴᠡᠭᠡᠷᠯᠡᠳᠡᠭ᠃ ᠬᠠᠷᠢᠨ ︽ᠨᠤᠳᠤᠭ ᠰᠠᠭᠢᠭᠰᠠᠨ ᠬᠠᠶᠢᠯᠠᠰᠤ︾ ᠭᠡᠮᠡᠨ ᠭᠡᠷ ᠪᠠᠶᠢᠰᠢᠩ ᠤᠨ ᠲᠠᠷᠭᠡᠳᠠ ᠲᠠᠷᠢᠵᠤ ᠪᠠᠷ᠎ᠠ ᠲᠦᠰᠢᠭ ᠪᠤᠯᠭᠠᠳᠠᠭ ᠪᠠᠶᠢᠨ᠎ᠠ᠃   ᠤᠷᠳᠤᠰ ᠮᠤᠩᠭᠤᠯᠴᠤᠳ ᠬᠠᠷᠢᠨ ᠦᠭᠡᠯᠵᠢᠨ ᠰᠠᠷ᠎ᠠ ᠶᠢᠨ ᠬᠤᠷᠢᠨ ᠭᠤᠷᠪᠠᠨ᠂ ᠬᠤᠷᠢᠨ ᠲᠦᠷᠪᠠᠨ ᠳᠤ ᠭᠠᠯ ᠲᠠᠭᠢᠯᠭ᠎ᠠ ᠭᠢᠭᠦ ᠳᠡᠭᠡᠨ ᠬᠠᠶᠢᠯᠠᠰᠤᠨ ᠤ ᠨᠠᠷᠢᠨ ᠨᠠᠮᠠᠭ᠎ᠠ ᠮᠦᠴᠢᠷ ᠢ ᠬᠤᠭᠤᠴᠢᠨ ᠴᠦᠮᠦᠭᠰᠡᠨ ᠡᠪᠴᠢᠭᠦᠨ ᠳᠤᠳᠤᠷ᠎ᠠ ᠪᠠᠨ ᠭᠢᠵᠤ ᠭᠠᠯ ᠳᠤ ᠡᠷᠭᠦᠳᠡᠭ ᠵᠠᠩᠰᠢᠯ ᠲᠠᠢ᠃   ᠬᠠᠶᠢᠯᠠᠰᠤᠨ ᠮᠤᠳᠤ ᠶᠢ ᠭᠡᠷ ᠪᠠᠶᠢᠰᠢᠩ ᠤᠨ ᠠᠰ ᠡᠮᠤᠨ᠎ᠠ ᠪᠤᠶᠤ ᠠᠰ ᠬᠤᠶᠢᠨ᠎ᠠ ᠲᠠᠷᠢᠬᠤ ᠶᠢ ᠴᠡᠭᠡᠷᠯᠡᠨ᠎ᠠ᠃   ᠭᠡᠷ ᠪᠠᠶᠢᠰᠢᠩ ᠤᠨ ᠲᠠᠷᠭᠡᠳᠠ ᠭᠠᠭᠴᠠ ᠦᠨᠤᠴᠢᠨ ᠬᠠᠶᠢᠯᠠᠰᠤ ᠪᠠᠶᠢᠬᠤ ᠶᠢ ᠴᠡᠭᠡᠷᠯᠡᠨ᠎ᠠ᠃ ᠬᠡᠷᠪᠡ ᠨᠢᠭᠡ ᠬᠠᠶᠢᠯᠠᠰᠤ ᠪᠤᠯ ᠪᠠᠷ᠎ᠠ ᠪᠤᠯᠭᠠᠨ ᠲᠠᠷᠭᠡᠳᠠ ᠨᠢ ᠨᠦᠭᠦᠵᠤ ᠬᠠᠶᠢᠯᠠᠰᠤ ᠲᠠᠷᠢᠬᠤ ᠪᠤᠶᠤ ᠭᠠᠭᠴᠠ ᠬᠠᠶᠢᠯᠠᠰᠤ ᠪᠠᠨ ᠴᠠᠪᠴᠢᠵᠤ ᠬᠠᠶᠠᠬᠤ ᠪᠠᠷ ᠰᠢᠢᠳᠪᠤᠷᠢᠯᠠᠨ᠎ᠠ᠃   ᠬᠠᠶᠢᠯᠠᠰᠤᠨ ᠮᠤᠳᠤ ᠪᠠᠷ ᠭᠡᠷ ᠪᠠᠶᠢᠰᠢᠩ ᠤᠨ ᠨᠢᠷᠤᠭᠤ ᠲᠠᠶᠢᠯᠠᠩ ᠭᠢᠳᠡᠭ ᠦᠭᠡᠢ᠃ ᠭᠢᠳᠠᠳ ᠦᠨᠳᠤᠰᠤᠳᠠᠨ ᠬᠠᠶᠢᠯᠠᠰᠤᠨ ᠮᠤᠳᠤ ᠪᠠᠷ ᠭᠡᠭᠦᠷ ᠰᠠᠪᠠᠯᠠᠬᠤ ᠠᠪᠰᠠ ᠭᠢᠭᠦ ᠶᠢ ᠴᠡᠭᠡᠷᠯᠡᠳᠡᠭ ᠪᠠᠶᠢᠨ᠎ᠠ᠃  ᠤᠨ ᠵᠢᠯ ᠤᠳᠠᠭᠰᠠᠨ ᠵᠡᠷᠯᠢᠭ ᠭᠦᠭᠰᠢᠨ ᠬᠠᠶᠢᠯᠠᠰᠤᠨ ᠮᠤᠳᠤ ᠶᠢ ᠱᠠᠩᠰᠢ ᠮᠤᠳᠤ᠂ ᠬᠤᠪᠢᠯᠭᠠᠨ ᠮᠤᠳᠤ᠂ ᠰᠠᠭᠢᠭᠤᠯᠰᠤᠨ ᠮᠤᠳᠤ᠂ ᠤᠡᠭᠭᠤᠨ ᠮᠤᠳᠤ ᠭᠡᠮᠡᠨ ᠲᠠᠭᠢᠵᠤ ᠰᠢᠳᠤᠭᠦ ᠠᠴᠠ ᠪᠢᠰᠢ ᠲᠠᠭᠦᠨ ᠢ ᠴᠠᠪᠴᠢᠵᠤ ᠭᠦᠨᠳᠡᠭᠦ᠂ ᠳᠤᠷ᠎ᠠ ᠲᠠᠪᠠ ᠪᠠᠷ ᠭᠦᠳᠡᠯᠭᠡᠭᠦ ᠶᠢ ᠶᠡᠭᠡᠳᠠ ᠴᠡᠭᠡᠷᠯᠡᠳᠡᠭ ᠪᠠᠶᠢᠨ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号