︽ᠨᠤᠮᠢᠨ ᠲᠠᠩᠰᠤᠭ ᠦᠤᠰᠢᠨ︾ ᠰᠤᠨᠢᠨ ᠮᠤᠨᠠ ᠶᠢᠨ ᠴᠢᠯᠠᠭᠤ ᠪᠠᠷ ᠰᠠᠶᠢᠯᠡᠭᠦᠯᠤᠨ ᠨᠣᠮ ᠤᠨ ᠣᠪᠣᠭᠠᠨ ᠳᠤ ᠳᠡᠬᠢᠭ᠌ᠳᠠᠯ᠎ᠠ
ᠨᠡᠶᠢᠲᠡᠯᠡᠭᠰᠡᠨ ᠴᠠᠭ᠄
2020-06-09
     ᠡᠨᠡ ᠵᠢᠯ ᠤᠨ ᠨᠤᠮ ᠤᠨ ᠤᠪᠤᠭᠠᠨ ᠤ ᠳᠠᠬᠢᠯᠭ᠎ᠠ ᠪᠠᠷ ᠮᠠᠨ ᠤ ᠬᠤᠰᠢᠭᠤᠨ ᠤ ᠬᠠᠮᠤᠭ ᠠᠩᠬᠠᠨ ᠤ ᠮᠣᠩᠭᠤᠯ ᠬᠡᠯᠡ ᠪᠠᠷ ᠨᠠᠶᠢᠷᠠᠭᠤᠯᠣᠨ ᠭᠡᠪᠯᠡᠭᠦᠯᠣᠭ᠍ᠰᠡᠨ ᠰᠣᠨᠢᠨ ᠪᠣᠯᠬᠤ ︽ᠨᠤᠮᠢᠨ ᠲᠠᠩᠰᠤᠭ ᠦᠤᠰᠢᠨ︾ ᠰᠤᠨᠢᠨ ᠤ ᠳᠠᠭᠤᠷᠢᠰᠬᠤ ᠨᠡᠷ᠎ᠡ ᠶᠢ ᠮᠣᠨᠠ ᠠᠭᠤᠯᠡᠨ ᠤ ᠴᠢᠯᠠᠭᠤᠨ ᠳᠡᠭᠡᠷ᠎ᠡ ᠮᠦᠩᠬᠡᠯᠡᠨ ᠰᠡᠶᠢᠯᠵᠣ ᠨᠣᠮ ᠤᠨ ᠣᠪᠣᠭᠠᠨ ᠳᠡᠭᠡᠷ᠎ᠡ ᠨᠡᠮᠡᠭᠡᠳ ᠳᠡᠭᠡᠳᠣᠯᠡᠨ ᠳᠡᠬᠢᠬᠤ ᠪᠣᠯᠣᠯ᠎ᠠ᠃      ︽ᠨᠤᠮᠢᠨ ᠲᠠᠩᠰᠤᠭ ᠦᠤᠰᠢᠨ︾ ᠰᠤᠨᠢᠨ ᠤ ᠮᠣᠩᠭᠤᠯ ᠬᠡᠪᠯᠡᠯ ᠢ 2005 ᠣᠨ ᠳᠤ ᠮᠠᠨ ᠤ ᠬᠤᠰᠢᠭᠤᠨ ᠤ ᠨᠠᠮ ᠤᠨ ᠬᠤᠷᠢᠶᠠᠨ ᠤ ᠣᠬᠠᠭᠤᠯᠬᠤ ᠭᠡᠯᠳᠡᠰ ᠤᠨ ᠰᠣᠷᠪᠣᠯᠵᠢᠯᠠᠭᠴᠢ ᠶᠢᠨ ᠦᠷᠳᠡᠭᠡᠨ ᠤ ᠰᠣᠷᠪᠣᠯᠵᠢᠯᠠᠭᠴᠢ ᠴᠥᠨ ᠹᠸᠡᠭ ᠵᠡᠷᠭᠡ ᠬᠦᠮᠣᠰ ᠠᠴᠠ ︽ᠳᠠᠷᠬᠠᠨ ᠴᠡᠩᠬᠡᠷ ᠦᠣᠰᠢᠨ︾ ᠭᠡᠬᠦ ᠨᠡᠷ᠎ᠡ ᠪᠠᠷ ᠠᠩᠬᠠᠨ ᠤ ᠳ᠋ᠣᠭᠠᠷ ᠢᠶᠠᠨ ᠨᠠᠶᠢᠷᠠᠭᠤᠯᠣᠨ ᠳᠠᠷᠬᠠᠭᠠᠵᠣ ᠰᠡᠭᠦᠯᠡᠷ ᠨᠢ ︽ᠨᠤᠮᠢᠨ ᠲᠠᠩᠰᠤᠭ ᠦᠤᠰᠢᠨ︾ ᠰᠤᠨᠢᠨ ᠭᠡᠵᠦ ᠦᠬᠡᠷᠡᠴᠢᠯᠡᠨ ᠲᠤᠬᠠᠢ  ᠶᠢᠨ ᠴᠠᠭ ᠦᠶ᠎ᠡ ᠳᠤ ᠰᠠᠷ᠎ᠠ ᠳᠤ ᠨᠢᠭᠡ ᠤᠳᠠᠭ᠎ᠠ ᠭᠡᠪᠯᠡᠬᠦᠯᠦᠨ 500 ᠬᠤᠪᠢ ᠲᠠᠷᠬᠠᠭᠠᠵᠦ ᠪᠠᠶᠢᠭᠰᠠᠨ ᠪᠤᠯ ᠤᠳᠣ ᠪᠤᠯᠬᠤ ᠳᠤ ᠰᠠᠷ᠎ᠠ ᠳᠤ ᠬᠤᠶᠠᠷ ᠬᠤᠭᠤᠴᠠᠭ᠎ᠠ ᠡᠷᠭᠢᠯᠡᠨ ᠬᠢᠵᠦ ᠦᠩᠭᠡ ᠪᠤᠳᠤᠭ ᠲᠠᠢ᠂ ᠪᠥᠭᠦ ᠲᠠᠯ᠎ᠠ ᠶᠢᠨ ᠠᠭᠤᠯᠭ᠎ᠠ  ᠶᠢ ᠬᠠᠮᠤᠷᠤᠭᠰᠠᠨ ᠰᠤᠨᠢᠨ ᠪᠤᠯᠵᠤ 1000 ᠭᠠᠷᠤᠢ ᠬᠤᠪᠢ ᠲᠠᠷᠬᠠᠭᠠᠬᠤ ᠪᠤᠯᠤᠭᠰᠠᠨ ᠪᠠᠶᠢᠨ᠎ᠠ᠃      ︽ᠨᠤᠮᠢᠨ ᠲᠠᠩᠰᠤᠭ ᠦᠤᠰᠢᠨ︾ ᠰᠣᠨᠢᠨ ᠤ ᠮᠣᠩᠭᠤᠯ ᠬᠡᠪᠯᠡᠯ ᠨᠢ ᠨᠠᠮ ᠵᠠᠰᠠᠭ᠂ ᠴᠠᠭ ᠳᠦᠷᠣ ᠶᠢᠨ ᠴᠢᠬᠤᠯᠠ ᠮᠡᠳᠡᠭᠡᠨ ᠤ ᠳᠣᠰᠬᠠᠢ ᠨᠢᠭᠤᠷ᠂ ᠡᠯ᠎ᠡ ᠰᠤᠮᠤ ᠪᠠᠯᠭᠠᠰᠣ᠂ ᠬᠦᠲᠡᠭᠡ ᠨᠤᠲᠤᠭ ᠤᠨ ᠭᠦᠭᠵᠢᠯᠳᠡ ᠶᠢᠨ ᠪᠡᠶᠢᠳᠡᠯ ᠢ ᠳᠣᠰᠬᠠᠭᠰᠠᠨ ︽ᠴᠢᠮᠡᠭᠡᠯᠡᠭᠴᠢᠳ ᠤᠨ ᠬᠢᠯᠪᠠᠭ᠎ᠠ︾᠂ ᠡᠯ᠎ᠡ ᠮᠣᠩᠭᠤᠯ ᠲᠤᠮᠲᠠᠲᠤ ᠪᠠᠭ᠎ᠠ ᠰᠤᠷᠭᠠᠭᠤᠯᠢ  ᠶᠢᠨ ᠰᠤᠷᠤᠭᠴᠢᠳ ᠤᠨ ᠰᠢᠯᠢᠳᠡᠭ ᠰᠢᠯᠤᠭ᠌ ᠵᠤᠬᠢᠶᠠᠯ ᠢ ᠰᠤᠩᠭᠤᠨ ᠨᠠᠶᠢᠳᠡᠯᠡᠭᠦ ︽ᠤᠨᠠᠭᠠᠨ ᠦᠦᠷᠰᠡᠯ︾᠂ ᠪᠦᠬᠦ ᠬᠤᠰᠢᠭᠤᠨ ᠤ ᠵᠤᠬᠢᠶᠠᠯᠴᠢᠳ ᠪᠤᠯᠤᠨ ᠭᠡᠷᠡᠯ ᠵᠢᠷᠤᠭᠴᠢᠳ ᠤᠨ ᠣᠷᠠᠨ ᠪᠦᠳᠣᠭᠡᠯ ᠢ ᠰᠣᠩᠭᠤᠨ ᠨᠡᠶᠢᠳᠡᠯᠡᠬᠦ ︽ᠰᠢᠷᠬᠤᠰᠤᠨ ᠭᠤᠣᠯ︾ ᠭᠡᠬᠦ ᠳᠦᠷᠪᠡᠨ ᠶᠡᠭᠡ ᠨᠢᠭᠤᠷ ᠢᠶᠠᠷ ᠬᠡᠪᠯᠡᠭᠳᠡᠨ ᠳᠠᠷᠬᠠᠭᠠᠭᠳᠠᠵᠦ ᠪᠠᠶᠢᠨ᠎ᠠ᠃      ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ ᠤᠨ ᠠᠵᠢᠯᠳᠡᠨ ︽ᠨᠣᠮᠢᠨ ᠲᠠᠩᠰᠤᠭ ᠦᠣᠰᠢᠨ︾ ᠰᠣᠨᠢᠨ ᠤ ᠮᠣᠩᠭᠤᠯ ᠭᠡᠪᠯᠡᠯ ᠤᠨ ᠠᠬᠠᠮᠠᠳ ᠨᠠᠶᠢᠷᠠᠭᠤᠯᠣᠭᠴᠢ ᠤᠳᠤᠨᠬᠤᠸᠠᠷ᠄ ︽︿ᠨᠣᠮᠢᠨ ᠲᠠᠩᠰᠤᠭ ᠦᠦᠰᠢᠨ﹀ ᠰᠣᠨᠢᠨ ᠤ ᠮᠤᠩᠭᠤᠯ ᠬᠡᠪᠯᠡᠯ ᠨᠢ ᠬᠡᠪᠯᠡᠯ ᠡᠬᠢᠯᠡᠭᠡᠳ ᠨᠢᠭᠡᠨᠳᠡ 15 ᠵᠢᠯ ᠪᠤᠯᠵᠦ ᠥᠨᠥᠳᠦᠷ ᠡᠨᠡ ᠠᠯᠳᠠᠷ ᠨᠡᠷ᠎ᠡ ᠪᠠᠨ ᠮᠤᠨᠠ ᠶᠢᠨ ᠬᠠᠳᠠᠨ ᠳᠤ ᠮᠦᠩᠬᠡᠯᠡᠨ ᠰᠠᠶᠢᠯᠡᠬᠦᠯᠵᠦ ᠪᠢᠯᠢᠭ ᠤᠨ ᠰᠠᠩ ᠨᠣᠮ ᠤᠨ ᠣᠪᠣᠭᠠᠨ ᠳᠤ ᠲᠠᠬᠢᠭᠳᠠᠬᠤ ᠪᠤᠯᠤᠭᠰᠠᠨ ᠨᠢ ᠮᠠᠨ ᠤ ︿ᠨᠤᠮᠢᠨ ᠲᠠᠩᠰᠤᠭ ᠦᠦᠰᠢᠨ﹀ ᠰᠤᠨᠢᠨ ᠤ ᠥᠩᠭᠡᠷᠡᠭᠰᠡᠨ ᠤ ᠲᠡᠤᠬᠡ ᠶᠢ ᠳᠤᠷᠠᠰᠬᠠᠨ ᠲᠡᠮᠳᠡᠭᠯᠡᠬᠦ ᠪᠠᠷ ᠪᠠᠷᠠᠬᠤ ᠦᠭᠡᠢ  ᠮᠠᠷᠭᠠᠰᠢ ᠶᠢᠨ ᠬᠦᠭᠵᠢᠯᠲᠡ ᠨᠡᠩ ᠰᠠᠷᠠᠭᠤᠯ ᠢᠷᠡᠭᠡᠳᠦᠢ ᠲᠠᠢ ᠪᠠᠶᠢᠨ᠎ᠠ ᠭᠡᠰᠡᠨ ᠢ ᠬᠠᠷᠠᠭᠤᠯᠵᠤ ᠪᠠᠶᠢᠬᠤ ᠶᠤᠮ︾ ᠭᠡᠪᠡ᠃      ᠣᠶᠢᠯᠠᠭᠠᠭᠰᠠᠨ ᠢᠶᠠᠷ᠂ ︽ᠪᠢᠯᠢᠭ ᠤᠨ ᠰᠠᠩ︾ ᠨᠤᠮ ᠤᠨ ᠣᠪᠣᠭᠠᠨ ᠳᠤ ᠣᠳᠣᠬᠠᠨ ᠪᠣᠯᠳᠠᠯ᠎ᠠ ᠪᠦᠬᠦ ᠣᠯᠣᠰ ᠤᠨ ᠡᠯ᠎ᠡ ᠭᠠᠵᠠᠷ ᠤᠨ ᠣᠷᠠᠨ ᠪᠦᠳᠣᠭᠡᠯᠴᠢᠳ ᠤᠨ 6000 ᠭᠠᠷᠤᠢ ᠪᠦᠲᠦᠬᠡᠯ ᠤᠨ ᠨᠠᠷ᠎ᠠ ᠶᠢ ᠴᠢᠯᠠᠭᠤᠨ ᠳᠡᠭᠡᠷ᠎ᠡ ᠰᠡᠶᠢᠯᠵᠦ ᠳᠡᠭᠡᠳᠣᠯᠠᠨ ᠲᠠᠬᠢᠵᠤ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号