| | | | | | | ᠣᠶᠢᠷ᠎ᠠ ᠳᠤ᠂ ᠮᠠᠨ ᠤ ᠬᠤᠰᠢᠭᠤᠨ ᠤ 2020 ᠣᠨ ᠤ ᠰᠢᠨ᠎ᠡ ᠴᠠᠭ ᠦᠶ᠎ᠡ ᠶᠢᠨ ᠪᠣᠯᠪᠠᠰᠣᠨ ᠢ | ᠦᠢᠯᠡᠳᠦᠯᠬᠡᠵᠢᠬᠦᠯᠬᠦ ᠳᠦᠪ ᠤᠨ ᠳᠣᠬᠠᠶᠢᠯᠠᠭᠰᠠᠨ ᠠᠵᠢᠯ ᠤᠨ ᠭᠤᠣᠯ ᠬᠠᠷᠢᠭᠤᠴᠠᠯᠭᠠᠳᠠᠨ ᠤ ᠪᠣᠯᠪᠠᠰᠣᠷᠠᠯ | ᠶᠠᠪᠤᠭᠳᠠᠪᠠ᠃ | ᠳᠣᠰ ᠣᠳᠠᠭᠠᠨ ᠤ ᠪᠣᠯᠪᠠᠰᠣᠷᠠᠯ ᠢ ᠦᠪᠡᠷᠳᠡᠭᠡᠨ ᠵᠠᠰᠠᠬᠤ ᠣᠷᠣᠨ ᠤ ᠠᠮᠢ ᠠᠬᠤᠢ ᠣᠷᠴᠢᠨ ᠳᠣᠭᠤᠷᠢᠨ ᠤ | ᠳᠢᠩᠬᠢᠮ ᠠᠴᠠ ᠭᠤᠣᠯᠯᠠᠨ ᠡᠷᠬᠢᠯᠡᠵᠦ ᠦᠪᠡᠷᠳᠡᠭᠡᠨ ᠵᠠᠰᠠᠬᠤ ᠣᠷᠣᠨ ᠤ ᠣᠷᠴᠢᠨ ᠳᠣᠭᠤᠷᠢᠨ ᠢ ᠬᠠᠮᠠᠭᠠᠯᠠᠬᠤ | ᠣᠬᠠᠭᠤᠯᠭ᠎ᠠ ᠬᠦᠮᠦᠵᠢᠯ ᠤᠨ ᠣᠬᠠᠭᠤᠯᠭ᠎ᠠ ᠶᠢᠨ ᠳᠦᠪ ᠠᠴᠠ ᠳᠠᠭᠠᠭᠠᠴᠢᠯᠠᠨ ᠡᠷᠬᠢᠯᠡᠵᠦ ᠬᠤᠰᠢᠭᠤ ᠵᠣᠬᠢᠶᠠᠨ | ᠪᠠᠶᠢᠭᠤᠯᠬᠤ ᠬᠡᠯᠳᠡᠰ᠂ ᠣᠬᠠᠭᠤᠯᠬᠤ ᠬᠡᠯᠳᠡᠰ᠂ ᠰᠢᠨ᠎ᠡ ᠴᠠᠭ ᠦᠶ᠎ᠡ ᠶᠢᠨ ᠪᠣᠯᠪᠠᠰᠣᠨ ᠢ ᠦᠢᠯᠡᠳᠦᠯᠬᠡᠵᠢᠬᠦᠯᠬᠦ ᠳᠦᠪ | ᠠᠴᠠ ᠬᠠᠮᠳᠣᠷᠠᠨ ᠡᠷᠬᠢᠯᠡᠵᠦ ᠪᠦᠬᠦ ᠬᠤᠰᠢᠭᠤᠨ ᠤ ᠡᠯ᠎ᠡ ᠪᠦᠷᠢᠯᠳᠦᠬᠦᠨ ᠪᠠᠶᠢᠭᠤᠯᠭ᠎ᠠ ᠨᠢᠭᠡᠴᠢ ᠶᠢᠨ ᠰᠠᠶᠢᠨ ᠳᠣᠷ᠎ᠠ | ᠶᠢᠨ ᠦᠢᠯᠡᠴᠢᠯᠡᠬᠡᠨ ᠤ ᠠᠩᠬᠢ ᠶᠢᠨ ᠬᠠᠷᠢᠭᠤᠴᠠᠯᠭᠠᠳᠠᠨ ᠪᠣᠯᠪᠠᠰᠣᠷᠠᠯ ᠳᠤ ᠣᠷᠣᠯᠴᠠᠭᠰᠠᠨ ᠪᠠᠶᠢᠨ᠎ᠠ᠃ | ᠪᠣᠯᠪᠠᠰᠣᠷᠠᠯ ᠨᠢ ᠸᠢᠳᠢᠤ᠋ ᠬᠡᠯᠪᠡᠷᠢ ᠪᠠᠷ ᠡᠯ᠎ᠡ ᠭᠠᠴᠠᠭ᠎ᠠ ᠳᠣᠰᠬᠤᠨ ᠳᠤ ᠶᠠᠪᠣᠭᠳᠠᠨ ᠦᠪᠦᠷ ᠮᠣᠩᠭᠤᠯ ᠤᠨ | ᠰᠢᠨ᠎ᠡ ᠴᠠᠭ ᠦᠶ᠎ᠡ ᠶᠢᠨ ᠪᠣᠯᠪᠠᠰᠣᠨ ᠢ ᠦᠢᠯᠡᠳᠦᠯᠬᠡᠵᠢᠬᠦᠯᠬᠦ ᠰᠣᠳᠣᠯᠬᠤ ᠳᠦᠪ ᠤᠨ ᠫᠷᠤᠹᠧᠰᠰᠤᠷ ᠠᠴᠠ | ᠳᠠᠶᠢᠯᠦᠮᠵᠢ ᠬᠢᠵᠦ ᠪᠦᠬᠦ ᠬᠤᠰᠢᠭᠤᠨ ᠤ ᠮᠠᠯᠵᠢᠬᠤ ᠳᠠᠷᠢᠶᠠᠯᠠᠬᠤ ᠣᠷᠣᠨ ᠤ ᠰᠢᠨ᠎ᠡ ᠴᠠᠭ ᠦᠶ᠎ᠡ ᠶᠢᠨ ᠪᠣᠯᠪᠠᠰᠣᠨ ᠢ | ᠦᠢᠯᠡᠳᠦᠯᠬᠡᠵᠢᠬᠦᠯᠬᠦ ᠠᠵᠢᠯ ᠤᠨ ᠪᠠᠶᠢᠭᠤᠯᠣᠯᠳᠠ ᠪᠠ ᠰᠠᠶᠢᠨ ᠳᠣᠷ᠎ᠠ ᠶᠢᠨ ᠦᠢᠯᠡᠴᠢᠯᠡᠭᠡ ᠳᠤ ᠣᠨᠣᠯ ᠬᠠᠩᠭᠠᠨ | ᠪᠣᠳᠠᠳᠠᠢ ᠬᠡᠷᠡᠭᠵᠢᠬᠦᠯᠬᠦ ᠠᠷᠭ᠎ᠠ ᠪᠠᠷᠢᠯ ᠢ ᠵᠢᠭᠠᠭᠰᠠᠨ ᠪᠠᠶᠢᠨ᠎ᠠ᠃ | ᠪᠣᠯᠪᠠᠰᠣᠷᠠᠯ ᠢᠶᠠᠷ ᠬᠤᠰᠢᠭᠤ ᠡᠯ᠎ᠡ ᠱᠠᠳᠣᠨ ᠤ ᠣᠳᠣᠷᠢᠳᠣᠯᠭ᠎ᠠ᠂ ᠺᠠᠳ᠋ᠷᠴᠣᠳ ᠤᠨ ᠪᠣᠯᠪᠠᠰᠣᠨ | ᠣᠶᠢᠯᠡᠳᠦᠯᠬᠡᠵᠢᠬᠦᠯᠬᠡ ᠶᠢᠨ ᠡᠩᠨᠡᠬᠡᠨ ᠤ ᠠᠵᠢᠯᠯᠠᠬᠤ ᠣᠶᠢᠯᠡᠴᠢᠯᠡᠬᠦ ᠴᠢᠳᠠᠪᠣᠷᠢ ᠪᠠ ᠬᠢᠷᠢ ᠳᠦᠪᠰᠢᠨ ᠢ | ᠳᠡᠭᠡᠭᠰᠢᠯᠡᠬᠦᠯᠵᠦ ᠮᠠᠨ ᠤ ᠬᠤᠰᠢᠭᠤᠨ ᠤ ᠰᠢᠨ᠎ᠡ ᠴᠠᠭ ᠦᠶ᠎ᠡ ᠶᠢᠨ ᠪᠣᠯᠪᠠᠰᠣᠨ ᠢ ᠦᠢᠯᠡᠳᠦᠯᠬᠡᠵᠢᠬᠦᠯᠬᠦ ᠳᠦᠪ ᠤᠨ | ᠰᠠᠶᠢᠨ ᠳᠣᠷ᠎ᠠ ᠶᠢᠨ ᠦᠢᠯᠡᠴᠢᠯᠡᠬᠡᠨ ᠤ ᠠᠵᠢᠯ ᠤᠨ ᠰᠢᠨ᠎ᠡ ᠠᠬᠢᠴᠠ ᠶᠢ ᠪᠣᠢ ᠪᠣᠯᠭᠠᠭᠰᠠᠨ ᠪᠠᠶᠢᠨ᠎ᠠ᠃ |