︽ᠶᠡᠭᠡ ᠪᠠᠭᠰᠢ︾ ᠬᠤᠷᠠᠭᠠᠳᠠᠢ
ᠨᠡᠶᠢᠲᠡᠯᠡᠭᠰᠡᠨ ᠴᠠᠭ᠄
2020-08-03
    ᠪᠢᠳᠡ ᠬᠠᠵᠠᠭᠤ ᠬᠠᠪᠢᠷᠭ᠎ᠠ ᠶᠢᠨ ᠮᠡᠳᠡᠯᠬᠡ ᠴᠢᠳᠠᠪᠤᠷᠢᠳᠠᠢ ᠬᠦᠮᠦᠰ ᠢᠶᠠᠨ ᠠᠮᠠᠠ ᠠᠶ᠎ᠠ ᠪᠠᠷ ︽ᠶᠡᠭᠡ ᠪᠠᠭᠰᠢ︾ ᠬᠡᠮᠡᠡ ᠡᠷᠬᠦᠮᠵᠢᠯᠡᠳᠡᠭ᠃ ︽ᠶᠡᠭᠡ ᠪᠠᠭᠰᠢ︾ ᠠᠷᠠᠳ ᠤᠨ ᠳᠤᠮᠳᠠ ᠪᠤᠢ᠃ ᠦᠤᠰᠢᠨ ᠬᠤᠰᠢᠭᠤᠨ ᠤ ᠤᠯᠠᠭᠠᠨᠳᠤᠯᠤᠭᠠᠢ ᠪᠠᠯᠭᠠᠰᠤ ᠶᠢᠨ ᠪᠠᠶᠠᠠᠰᠢᠯᠢ ᠭᠠᠴᠠᠭᠠᠠ ᠤ ᠬᠤᠷᠠᠭᠠᠳᠠᠢ ᠨᠠᠰᠤᠳᠠᠨ ᠪᠤᠯ ᠪᠠᠰᠠ ᠴᠤ ︽ᠶᠡᠭᠡ ᠪᠠᠭᠰᠢ︾ ᠳᠤ ᠳᠤᠭᠠᠴᠠᠭᠳᠠᠬᠤ ᠳᠡᠮᠦᠷ ᠤᠨ ᠳᠠᠷᠬᠠᠠ ᠶᠤᠮ᠃ ᠬᠤᠷᠠᠭᠠᠳᠠᠢ ᠨᠠᠰᠤᠳᠠᠨ ᠬᠤᠷᠢᠭᠠᠳ ᠨᠠᠰᠤᠳᠠᠢ ᠳᠠᠭᠠᠨ ᠬᠤᠳᠳᠤᠭ ᠮᠠᠯᠳᠠᠬᠤ ᠳᠤᠮᠳᠠ ᠳᠡᠮᠦᠷ ᠤᠨ ᠳᠠᠷᠬᠠᠠ ᠪᠤᠯᠬᠤ ᠪᠤᠳᠤᠯ ᠬᠦᠪᠦᠷᠡᠵᠠᠢ᠃ ᠶᠠᠭᠤ ᠬᠡᠪᠡᠯ ᠬᠤᠳᠳᠤᠭ ᠮᠠᠯᠳᠠᠬᠤ ᠳᠤ ᠴᠡᠷᠢᠯ ᠬᠡᠷᠡᠭᠯᠡᠨ᠎ᠡ᠃ ᠴᠡᠷᠢᠯ ᠢ ᠴᠠᠭ ᠢᠮᠡᠬᠳᠠ ᠦᠵᠦᠬᠦᠷᠯᠡᠵᠦ ᠪᠠᠶᠢᠬᠤ ᠬᠡᠷᠡᠭᠳᠡᠢ᠃ ᠦᠬᠡᠢ ᠪᠤᠯ ᠮᠤᠬᠤᠴᠢᠬᠠᠵᠦ᠂ ᠠᠵᠢᠯ ᠶᠠᠪᠤᠭᠤᠷᠢ ᠦᠬᠡᠢ ᠪᠤᠯᠤᠨ᠎ᠠ᠃ ᠬᠡᠬᠦ ᠳᠤ ᠴᠡᠷᠢᠯ ᠬᠡᠳᠡᠭ ᠴᠢᠨᠢ ᠪᠦᠳᠦᠬᠦᠨ ᠭᠠᠩ᠂ ᠦᠵᠦᠬᠦᠷᠯᠡᠬᠦ ᠳᠤ ᠵᠠᠪᠠᠯ ᠳᠡᠮᠦᠷ ᠤᠨ ᠳᠠᠷᠬᠠᠠ ᠳᠤ ᠬᠦᠷᠴᠦ ᠬᠦᠬᠡᠷᠬᠡ ᠪᠠᠷ ᠤᠯᠠᠶᠢᠯᠭᠠᠵᠦ ᠪᠠᠶᠢᠮᠠᠠ ᠱᠤᠷᠤᠨ ᠦᠵᠦᠬᠦᠷ ᠭᠠᠷᠭᠠᠳᠠᠭ᠃ ᠳᠡᠮᠦᠷ ᠤᠨ ᠳᠠᠷᠬᠠᠠ ᠬᠠᠵᠠᠭᠤ ᠳᠤ ᠴᠢᠨᠢ ᠪᠡᠯᠡᠡ ᠪᠠᠶᠢᠬᠤ ᠪᠢᠰᠢ ᠳᠤᠯᠠ ᠬᠤᠷᠠᠭᠠᠳᠠᠢ ᠤᠯᠠᠠ ᠤᠳᠠᠭ᠎ᠠ ᠰᠤᠮᠤ ᠪᠠᠯᠭᠠᠰᠤ ᠤᠷᠤᠭᠤ ᠬᠦᠶᠦᠬᠦ ᠳᠡᠭᠡᠨ ᠬᠠᠯᠠᠰᠢᠷᠠᠵᠦ᠂ ᠦᠪᠡᠷ ᠢᠶᠠᠨ ᠦᠵᠦᠬᠦᠷᠯᠡᠬᠦ ᠶᠢ ᠰᠡᠳᠬᠢᠵᠠᠢ᠃ ᠬᠠᠷᠠᠬᠠᠠ ᠪᠠᠭ᠎ᠠ ᠠᠴᠠ ᠠᠪᠬᠠᠯᠵᠢ ᠰᠡᠷᠬᠦᠯᠡᠩ ᠳᠡᠷᠡ ᠳᠡᠮᠦᠷ ᠤᠨ ᠳᠠᠷᠬᠠᠠ ᠢ ᠬᠠᠵᠠᠭᠤ ᠠᠴᠠ ᠨᠢ ᠬᠠᠷᠠᠵᠦ ᠪᠠᠶᠢᠭᠠᠳ ᠴᠠᠭᠠᠳᠤ ᠡᠷᠳᠡᠮ ᠢ ᠨᠢ ᠰᠤᠷᠴᠢᠬᠠᠵᠦ᠂ ᠳᠦᠳᠡ ᠤᠳᠠᠯ ᠦᠬᠡᠢ᠂ ᠳᠤᠯᠭ᠎ᠠ᠂ ᠬᠦᠬᠡᠷᠬᠡ᠂ ᠳᠦᠰᠢ ᠪᠡᠯᠡᠳᠬᠡᠵᠦ ᠦᠨᠦᠬᠢ ᠴᠡᠷᠢᠯ ᠢᠶᠠᠨ ᠦᠪᠡᠷ ᠢᠶᠠᠨ ᠦᠵᠦᠬᠦᠷᠯᠡᠬᠡᠳ ᠴᠢᠳᠠᠴᠢᠬᠠᠪᠠ᠃ ᠳᠡᠬᠦᠨ ᠠᠴᠠ ᠬᠤᠶᠢᠰᠢ ᠬᠤᠷᠠᠭᠠᠳᠠᠢ ᠨᠠᠰᠤᠳᠠᠠ ᠬᠢᠳᠤᠭ᠎ᠠ ᠰᠢᠪᠦᠭᠡ ᠠᠴᠠ ᠠᠪᠤᠭᠠᠳ ᠤᠭᠤᠯᠢ᠂ ᠵᠡᠬᠡᠳᠦᠦ᠂ ᠠᠷᠴᠢᠭᠤᠷ᠂ ᠬᠦᠷᠵᠠ᠂ ᠠᠮᠠᠭᠠᠢ ᠂ ᠳᠦᠷᠦᠬᠡ ᠬᠦᠷᠳᠡᠯ᠎ᠠ ᠬᠦᠳᠡᠭᠡ ᠨᠤᠳᠤᠭ ᠤᠨ ᠠᠯᠢᠪᠠ ᠬᠡᠷᠡᠭᠴᠡᠬᠡᠳᠦ ᠳᠡᠮᠦᠷ ᠡᠳ᠋ᠯᠡᠯ ᠢ ᠪᠦᠷᠢᠨ ᠬᠢᠳᠡᠭ ᠤᠷᠠᠠ ᠳᠠᠷᠬᠠᠠ ᠪᠤᠯᠤᠭᠰᠠᠠ ᠪᠠᠶᠢᠨ᠎ᠠ᠃ ᠪᠠᠶᠠᠨᠰᠢᠯᠢ ᠪᠠᠷ ᠳᠤᠭᠤᠷᠢᠵᠦ ᠶᠠᠪᠤᠬᠤ ᠳᠤ ᠬᠤᠷᠠᠭᠠᠳᠠᠢ ᠨᠠᠰᠤᠳᠠᠨ ᠤ ᠬᠢᠭᠰᠡᠡ ᠳᠡᠮᠦᠷᠯᠢᠭ ᠡᠳ᠋ᠯᠡᠯ ᠳᠠᠩᠳᠠ ᠪᠠᠨ ᠬᠠᠷᠭᠤᠨ᠎ᠠ᠃     ᠬᠤᠷᠠᠭᠠᠳᠠᠢ ᠨᠠᠰᠤᠳᠠᠨ ᠳᠡᠮᠦᠷ ᠤᠨ ᠳᠠᠷᠬᠠᠠ ᠢᠶᠠᠷ ᠪᠠᠷᠠᠬᠤ ᠦᠬᠡᠢ᠂ ᠠᠷᠠᠰᠤ ᠡᠯᠳᠡᠬᠦ᠂ ᠰᠤᠷ ᠰᠢᠷᠢᠨ ᠡᠳ᠋ᠯᠡᠯ ᠬᠢᠬᠦ ᠳᠤ ᠴᠤ ᠬᠠᠰᠢᠷ ᠭᠠᠷ᠃ ᠫᠤᠤ ᠰᠤᠮᠤ  ᠬᠤᠷᠢᠭ᠎ᠠ ᠦᠬᠡᠢ ᠪᠠᠶᠢᠬᠤ ᠳᠤ ᠠᠪᠠ ᠶᠢᠨ ᠫᠤᠤ ᠴᠤ ᠵᠠᠰᠠᠵᠦ ᠪᠠᠶᠢᠬᠰᠠᠠ ᠬᠡᠨ᠎ᠡ᠃ ᠬᠤᠷᠠᠭᠠᠳᠠᠢ ᠨᠠᠰᠤᠳᠠᠠ᠄ ︽︿ᠬᠦᠮᠦᠨ ᠶᠢᠰᠦᠨ ᠡᠷᠳᠡᠮ ᠳᠤ ᠨᠡᠪᠳᠡᠷᠡᠪᠡᠯ ᠦᠯᠪᠡᠷᠴᠦ ᠦᠬᠦᠳᠡᠭ﹀ ᠬᠡᠰᠡᠡ ᠂ ᠡᠨᠡ ᠬᠦᠭᠰᠢᠨ ᠶᠠᠰᠤ ᠤᠳᠤ ᠭᠦᠷᠳᠡᠯ ᠎ᠠ ᠡᠷᠡᠬᠦᠯ ᠰᠠᠷᠠᠭᠤᠯ ᠶᠠᠪᠤᠵᠦ ᠪᠠᠶᠢᠬᠤ ᠪᠠᠷ ᠦᠵᠡᠬᠦ ᠳᠤ ᠮᠢᠨᠤ ᠬᠢᠵᠦ ᠴᠢᠳᠠᠳᠠᠭ ᠵᠦᠢᠯ ᠠᠷᠠᠢ ᠶᠢᠰᠦ ᠬᠦᠢᠴᠡᠭᠡ ᠦᠬᠡᠢ ᠴᠤ ᠪᠤᠯᠪᠠ ᠤᠤ︖︾ ᠬᠡᠵᠦ ᠶᠦᠮᠦᠷᠯᠢᠭ ᠶᠠᠷᠢᠨ᠎ᠠ᠃ ᠦᠨᠡᠡ ᠳᠡᠭᠡᠨ ᠬᠤᠷᠠᠭᠠᠳᠠᠢ ᠨᠠᠰᠤᠳᠠᠠ ᠤ ᠡᠷᠳᠡᠮ ᠠᠯᠢ ᠡᠷᠳᠡ ᠶᠢᠰᠦ ᠶᠢᠨ ᠳᠤᠭ᠎ᠠ ᠶᠢ ᠳᠠᠪᠠᠵᠦ᠂ ᠤᠷᠤᠢ ᠨᠢ ᠴᠤᠭᠤᠷᠤᠭᠰᠠᠠ ︽ᠶᠡᠭᠡ ᠪᠠᠭᠰᠢ︾ ᠪᠤᠯᠤᠭᠰᠠᠠ ᠪᠠᠶᠢᠯᠳᠠᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号